ᠶᠡᠬᠡᠰ ᠳᠡᠭᠡᠳᠦᠰ ‍ᠤᠨ ᠥᠯᠥᠭᠡᠢ

ᠤᠩᠰᠢᠭᠰᠠᠨ ᠤᠳᠠᠭ᠎ᠠ ᠄ 3902    ᠨᠡᠶᠢᠳᠡᠯᠡᠭᠰᠡᠨ ᠴᠠᠭ ᠄ 2017/4/3 13:46:04

         ᠶᠡᠬᠡᠰ ᠳᠡᠭᠡᠳᠦᠰ ‍ᠤᠨ ᠥᠯᠥᠭᠡᠢ
                    ᠦᠭᠡ᠄ ᠤᠩᠨᠢᠭᠤᠳ ᠴᠤᠯᠮᠤᠨ
                    ᠠᠶ᠎ᠠ᠄ ᠴᠡᠸᠠᠩᠷᠠᠪᠳᠠᠨ
                    ᠡ‍ · ᠤᠶᠠᠩᠭ᠎ᠠ ᠳᠠᠭᠤᠯᠠᠪᠠ
 ᠭᠦᠨ ᠰᠦᠨᠢ ᠶ᠋ᠢᠨ ᠤᠳᠤᠳ ᠨᠢ ᠨᠠᠭᠤᠷ ‍ᠤᠨ ᠴᠡᠭᠡᠯ ᠳ᠋ᠤ ᠨᠢ ᠵᠤᠭᠠᠯᠠᠭᠰᠠᠨ
 ᠭᠦᠶᠦᠮᠡᠯ ᠴᠠᠭᠠᠨ ᠰᠠᠷᠠ ᠨᠢ ᠠᠭᠤᠯᠠᠰ ‍ᠤᠨ ᠨᠥᠮᠥᠷᠢ ᠳᠤ ᠨᠢ ᠬᠤᠨᠤᠭᠯᠠᠭᠰᠠᠨ
 ᠭᠦᠶᠦᠳᠡᠯ ᠵᠢᠷᠤᠭ᠎ᠠ ᠴᠦᠨᠳᠦᠪ ᠨᠢ ᠡᠯᠢᠭᠡ ᠶ᠋ᠢ ᠨᠢ ᠦᠨᠦᠰᠦᠨ ᠮᠡᠯᠮᠡᠷᠡᠭᠰᠡᠨ
 ᠭᠡᠷᠰᠡᠤ ᠤᠳᠤᠮ ‍ᠤᠨ ᠮᠠᠯᠴᠢᠳ ᠨᠢ ᠭᠡᠭᠡᠷ᠎ᠡ ᠶ᠋ᠢᠨ ᠪᠡᠯᠴᠢᠭᠡᠷ ᠲᠤ ᠮᠡᠨᠳᠦᠴᠡᠯᠳᠦᠭᠰᠡᠨ
 ᠡᠨᠡ ᠮᠢᠨᠦ ᠤᠩᠨᠢᠭᠤᠳ ᠡᠷᠭᠢᠬᠦ ᠲᠥᠷᠥᠯ ‍ᠤᠨ ᠨᠤᠲᠤᠭ
 ᠡᠨᠡ ᠮᠢᠨᠦ ᠤᠩᠨᠢᠭᠤᠳ ᠶᠡᠬᠡᠰ ᠳᠡᠭᠡᠳᠦᠰ ‍ᠤᠨ ᠮᠢᠨᠢ ᠥᠯᠥᠭᠡᠢ
 
 ᠬᠡᠷᠰᠡᠩ ᠵᠥᠭᠡᠯᠡᠨ ᠮᠠᠩᠬᠠᠨ ᠳ᠋ᠤ ᠨᠢ ᠢᠩᠭᠡᠨ ᠲᠡᠮᠡᠭᠡᠳ ᠪᠤᠶᠢᠯᠠᠯᠳᠤᠭᠰᠠᠨ
 ᠭᠡᠶᠢᠬᠦ ᠥᠥ᠋ᠷ ‍ᠤᠨ ᠪᠤᠯᠵᠤᠮᠤᠷ ᠨᠢ ᠠᠳᠤᠭᠤᠨ ᠳᠡᠯ ᠳᠡᠭᠡᠷ᠎ᠡ ᠱᠤᠯᠤᠭᠠᠨᠠᠭᠰᠠᠨ
 ᠭᠡᠮ ᠦᠭᠡᠢ ᠠᠷᠢᠭᠤᠨ ᠠᠷᠠᠳ ‍ᠤᠳ ᠨᠢ ᠠᠷᠴᠠ ᠶ᠋ᠢᠨ ᠪᠡᠷᠬᠡ ᠪᠠᠷ ᠢᠶᠡᠨ ᠪᠠᠬᠠᠷᠬᠠᠭᠰᠠᠨ
 ᠭᠡᠭᠡᠨ ᠪᠤᠷᠬᠠᠳ ᠬᠤᠳᠤᠭᠳᠤ ᠨᠣᠭᠣᠳ ᠨᠢ ᠯᠢᠩᠬᠤᠸᠠᠳᠤ ᠨᠠᠭᠤᠷ ᠲᠤ ᠪᠠᠨ ᠰᠦᠵᠢᠷᠡᠭᠰᠡᠨ
 ᠡᠨᠡ ᠮᠢᠨᠦ ᠤᠩᠨᠢᠭᠤᠳ ᠡᠷᠭᠢᠬᠦ ᠲᠥᠷᠥᠯ ‍ᠤᠨ ᠨᠤᠲᠤᠭ
 ᠡᠨᠡ ᠮᠢᠨᠦ ᠤᠩᠨᠢᠭᠤᠳ ᠶᠡᠬᠡᠰ ᠳᠡᠭᠡᠳᠦᠰ ‍ᠤᠨ ᠮᠢᠨᠢ ᠥᠯᠥᠭᠡᠢ

 ᠮᠢᠩᠭᠠᠨ ᠣᠨ ‍ᠤ ᠲᠡᠦᠬᠡ ᠪᠠᠨ ᠤᠭᠵᠤᠮ ‍ᠤᠨ ᠬᠤᠳᠳᠤᠭ ᠨᠢ ᠭᠠᠶᠢᠬᠠᠭᠤᠯᠤᠭᠰᠠᠨ
 ᠮᠠᠨᠳᠤᠭᠰᠠᠨ ᠲᠥᠷᠥ ᠶ᠋ᠢᠨ ᠦᠨᠡᠨ ‍ᠢ ᠪᠠᠨ ᠬᠠᠳᠠᠨ ᠵᠢᠷᠤᠭ ᠲᠤ ᠪᠠᠨ ᠪᠢᠴᠢᠭᠯᠡᠭᠰᠡᠨ
 ᠮᠡᠯᠮᠡᠢ ᠲᠤᠩᠭᠠᠯᠠᠭ ᠪᠣᠯᠠᠭ ᠡᠴᠠ ᠨᠢ ᠰᠡᠷᠢᠭᠦᠨ ᠠᠮᠢᠰᠬᠤᠭ᠎ᠠ ᠰᠡᠩᠬᠢᠨᠡᠭᠰᠡᠨ
 ᠮᠠᠨᠢ ᠶ᠋ᠢᠨ ᠵᠢᠷᠭᠤᠭᠠᠨ ᠦᠰᠦᠭ ᠢᠶᠡᠨ ᠴᠠᠭᠠᠨ ᠪᠦᠷᠢᠶᠡᠨ ᠳ᠋ᠤ ᠪᠠᠨ ᠤᠶᠠᠩᠭᠠᠯᠠᠭᠤᠯᠤᠭᠰᠠᠨ
 ᠡᠨᠡ ᠮᠢᠨᠦ ᠤᠩᠨᠢᠭᠤᠳ ᠡᠷᠭᠢᠬᠦ ᠲᠥᠷᠥᠯ ‍ᠤᠨ ᠨᠤᠲᠤᠭ
 ᠡᠨᠡ ᠮᠢᠨᠦ ᠤᠩᠨᠢᠭᠤᠳ ᠶᠡᠬᠡᠰ ᠳᠡᠭᠡᠳᠦᠰ ‍ᠤᠨ ᠮᠢᠨᠢ ᠥᠯᠥᠭᠡᠢ
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ