ᠢᠬᠢᠷ᠎ᠡ ᠦᠵᠦᠮᠦᠴᠢᠨ

ᠤᠩᠰᠢᠭᠰᠠᠨ ᠤᠳᠠᠭ᠎ᠠ ᠄ 1503    ᠨᠡᠶᠢᠳᠡᠯᠡᠭᠰᠡᠨ ᠴᠠᠭ ᠄ 2017/3/2 12:01:03

          ᠢᠬᠢᠷ᠎ᠡ ᠦᠵᠦᠮᠦᠴᠢᠨ
                           ᠦᠭᠡ᠂ ᠠᠶ᠎ᠠ᠄ ᠰᠣᠶᠣᠯᠭᠡᠷᠡᠯ
                           ᠡᠷᠳᠡᠨᠢᠭᠡᠷᠡᠯ ᠳᠠᠭᠤᠯᠠᠪᠠ
 ᠦᠨᠡᠲᠦ ᠡᠷᠳᠡᠨᠢ ᠪᠠᠷ ᠴᠢᠮᠡᠭᠯᠡᠭᠰᠡᠨ
 ᠦᠵᠦᠮ ‍ᠤᠨ ᠡᠵᠢ ᠡᠴᠠ ᠵᠠᠶᠠᠭᠠᠭᠰᠠᠨ
 ᠦᠵᠦᠮᠦᠴᠢᠨ ᠴᠣᠯᠠ ᠶ᠋ᠢ ᠬᠦᠷᠲᠡᠭᠰᠡᠨ
 ᠦᠨᠢᠷ ᠪᠠᠶᠠᠨ ᠮᠢᠨᠤ ᠯᠡ ᠨᠤᠲᠤᠭ ᠮᠢᠨᠤ ᠯᠡ ᠨᠤᠲᠤᠭ
     ᠵᠸ ᠬᠥ᠋
     ᠬᠣᠷᠸ᠎ᠠ ᠡᠵᠢ ᠶ᠋ᠢᠨ ᠢᠬᠢᠷ᠎ᠡ ᠥᠬᠢᠨ
     ᠬᠣᠶᠠᠷ ᠦᠵᠦᠮᠦᠴᠢᠨ ᠮᠢᠨᠢ ᠭᠣᠶᠣᠬᠠᠨ ᠳ᠋ᠠ ᠬᠥ᠋
 ᠡᠯᠪᠡᠭ ᠲᠡᠨᠢᠭᠦᠭᠡᠨ ᠮᠣᠩᠭᠣᠯ ᠭᠡᠷ ‍ᠤᠨ ᠢᠶᠡᠨ
 ᠡᠷᠳᠡᠨᠢ ᠶ᠋ᠢᠨ ᠲᠣᠭᠣᠨᠣ ᠶ᠋ᠢᠨ ᠭᠢᠯᠪᠠᠭ᠎ᠠ ᠪᠠᠷ
 ᠡᠭᠦᠷᠢᠳᠡ ᠶ᠋ᠢᠨ ᠬᠣᠯᠪᠣᠭ᠎ᠠ ᠪᠠᠨ ᠪᠠᠲᠤᠯᠠᠭᠰᠠᠨ
 ᠢᠷᠡᠭᠡᠳᠦᠢ ᠶ᠋ᠢᠨ ᠢᠷᠦᠭᠡᠯ ᠲᠠᠢ ᠮᠢᠨᠤ ᠯᠡ ᠨᠤᠲᠤᠭ ᠮᠢᠨᠤ ᠯᠡ ᠨᠤᠲᠤᠭ
     ᠵᠸ ᠬᠥ᠋
     ᠬᠣᠷᠸ᠎ᠠ ᠡᠵᠢ ᠶ᠋ᠢᠨ ᠢᠬᠢᠷ᠎ᠡ ᠥᠬᠢᠨ
     ᠬᠣᠶᠠᠷ ᠦᠵᠦᠮᠦᠴᠢᠨ ᠮᠢᠨᠢ ᠭᠣᠶᠣᠬᠠᠨ ᠳ᠋ᠠ ᠬᠥ᠋
 ᠪᠠᠶᠢᠭᠠᠯᠢ ᠡᠵᠢ ᠶ᠋ᠢᠨ ᠢᠬᠢᠷ᠎ᠡ ᠥᠬᠢᠨ
 ᠪᠠᠷᠠᠭᠤᠨ ᠵᠡᠭᠦᠨ ᠦᠵᠦᠮᠦᠴᠢᠨ ᠮᠢᠨᠢ
 ᠪᠠᠯᠠᠷᠠᠰᠢ ᠦᠭᠡᠢ ᠮᠥᠩᠬᠡ ᠶ᠋ᠢᠨ ᠰᠢᠲᠦᠭᠡᠨ
 ᠪᠠᠷᠢᠯᠳᠤᠯᠭ᠎ᠠ ᠵᠠᠶᠠᠭ᠎ᠠ ᠲᠠᠢ ᠮᠢᠨᠤ ᠯᠡ ᠨᠤᠲᠤᠭ ᠮᠢᠨᠤ ᠯᠡ ᠨᠤᠲᠤᠭ
     ᠵᠸ ᠬᠥ᠋
     ᠬᠣᠷᠸ᠎ᠠ ᠡᠵᠢ ᠶ᠋ᠢᠨ ᠢᠬᠢᠷ᠎ᠡ ᠥᠬᠢᠨ
     ᠬᠣᠶᠠᠷ ᠦᠵᠦᠮᠦᠴᠢᠨ ᠮᠢᠨᠢ ᠭᠣᠶᠣᠬᠠᠨ ᠳ᠋ᠠ ᠬᠥ᠋᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ