ᠬᠥᠯᠥᠭ ᠮᠢᠨᠢ

ᠤᠩᠰᠢᠭᠰᠠᠨ ᠤᠳᠠᠭ᠎ᠠ ᠄ 3748    ᠨᠡᠶᠢᠳᠡᠯᠡᠭᠰᠡᠨ ᠴᠠᠭ ᠄ 2017/3/1 9:14:37

          ᠬᠥᠯᠥᠭ ᠮᠢᠨᠢ
                     ᠦᠭᠡ ᠄ ᠨᠠᠰᠤᠨ
                     ᠠᠶ᠎ᠠ ᠄ ᠳ᠋ · ᠴᠠᠸᠠᠩᠷᠠᠪᠳᠠᠨ
                     ᠤᠷᠢᠬᠠᠨ ᠳᠠᠭᠤᠯᠠᠪᠠ
 ᠡᠭᠡᠷᠡᠮ᠎ᠡ ᠲᠠᠯ᠎ᠠ ᠳ᠋ᠤ ᠪᠠᠨ ᠬᠥᠯᠥᠭ ᠮᠢᠨᠢ ᠢᠨᠴᠠᠭᠠᠬᠤ ᠳ᠋ᠤ
 ᠡᠷᠲᠡᠨ ‍ᠤ ᠪᠤᠭᠤᠷᠤᠯ ᠳᠣᠮᠣᠭ ᠰᠡᠷᠭᠦᠨ᠎ᠡ
 ᠡᠷᠬᠡᠰ ᠴᠢᠩᠨᠠᠨ ᠦᠦᠷ ᠴᠠᠶᠢᠨ᠎ᠠ
 ᠡᠮᠡᠭᠡᠯ ‍ᠤᠨ ᠬᠢᠷ᠎ᠠ ᠳᠡᠭᠡᠷ᠎ᠡ ᠨᠠᠷᠠᠨ ᠤᠷᠭᠤᠨ᠎ᠠ
 ᠡᠷᠬᠡᠰ ᠴᠢᠩᠨᠠᠨ ᠦᠦᠷ ᠴᠠᠶᠢᠨ᠎ᠠ
 ᠡᠮᠡᠭᠡᠯ ‍ᠤᠨ ᠬᠢᠷ᠎ᠠ ᠳᠡᠭᠡᠷ᠎ᠡ ᠨᠠᠷᠠᠨ ᠤᠷᠭᠤᠨ᠎ᠠ

 ᠤᠶᠠᠭᠠᠨ ᠳᠡᠭᠡᠷ᠎ᠡ ᠪᠠᠨ ᠬᠥᠯᠥᠭ ᠮᠢᠨᠢ ᠦᠦᠷᠰᠡᠬᠦ ᠳ᠋ᠤ
 ᠤᠷᠲᠤ ᠶ᠋ᠢᠨ ᠰᠡᠮᠡᠷᠡᠭᠦᠨ ᠰᠢᠷᠦᠩᠬᠠᠢ ᠳᠦᠷᠢᠨ᠎ᠡ
 ᠠᠭᠤᠯᠠᠰ ᠠᠨᠢᠷᠯᠠᠨ ᠳᠡᠯᠡᠬᠡᠢ ᠤᠶᠠᠷᠠᠨ᠎ᠠ
 ᠤᠴᠠᠷᠠᠯ ‍ᠤᠨ ᠳᠥᠷᠥᠭᠡᠨ ᠳᠡᠭᠡᠷ᠎ᠡ ᠰᠦ ᠲᠤᠰᠤᠨ᠎ᠠ
 ᠠᠭᠤᠯᠠᠰ ᠠᠨᠢᠷᠯᠠᠨ ᠳᠡᠯᠡᠬᠡᠢ ᠤᠶᠠᠷᠠᠨ᠎ᠠ

 ᠳᠡᠯᠭᠡᠷ ᠬᠠᠩᠭᠠᠢ ᠳ᠋ᠤ ᠪᠠᠨ ᠬᠥᠯᠥᠭ ᠮᠢᠨᠢ ᠬᠦᠷᠪᠡᠬᠦ ᠳ᠋ᠤ
 ᠳᠡᠭᠡᠳᠦ ᠲᠡᠭᠷᠢ ᠶ᠋ᠢᠨ ᠠᠮᠤᠭᠤᠯᠠᠩ ᠪᠦᠪᠡᠶᠢᠯᠡᠨ᠎ᠡ
 ᠳᠡᠨᠵᠢ ᠴᠡᠩᠬᠡᠨ ᠭᠡᠷ ᠴᠡᠮᠴᠡᠶᠢᠨ᠎ᠡ
 ᠳᠡᠯᠭᠡᠭᠰᠡᠨ ᠬᠠᠳᠠᠭ ᠳᠡᠭᠡᠷ᠎ᠡ ᠢᠷᠦᠭᠡᠯ ᠲᠣᠭᠲᠠᠨ᠎ᠠ
 ᠳᠡᠨᠵᠢ ᠴᠡᠩᠬᠡᠨ ᠭᠡᠷ ᠴᠡᠮᠴᠡᠶᠢᠨ᠎ᠡ
 ᠳᠡᠯᠭᠡᠭᠰᠡᠨ ᠬᠠᠳᠠᠭ ᠳᠡᠭᠡᠷ᠎ᠡ ᠢᠷᠦᠭᠡᠯ ᠲᠣᠭᠲᠠᠨ᠎ᠠ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ