ᠮᠢᠨᠤ ᠨᠠᠶᠢᠵᠠ

ᠤᠩᠰᠢᠭᠰᠠᠨ ᠤᠳᠠᠭ᠎ᠠ ᠄ 3990    ᠨᠡᠶᠢᠳᠡᠯᠡᠭᠰᠡᠨ ᠴᠠᠭ ᠄ 2017/2/23 9:47:59

        ᠮᠢᠨᠤ ᠨᠠᠶᠢᠵᠠ
                    ᠦᠭᠡ᠄ ᠨ‍ · ᠰᠣᠶᠣᠩᠪᠣ᠂ ᠳ᠋  · ᠪᠠᠳᠮᠠᠬᠠᠨᠳᠠ
                    ᠠᠶ᠎ᠠ᠄  ᠲ · ᠰᠸᠷᠡᠣᠳᠤ
                    ᠰ · ᠵᠢᠪᠬᠤᠯᠠᠩ ᠳᠠᠭᠤᠯᠠᠪᠠ
ᠭᠡᠨᠡᠨ ᠭᠡᠨᠡᠨ ᠪᠣᠳᠣᠯ ᠤᠳ ᠳᠠᠭᠠᠭᠤᠯᠤᠭᠰᠠᠨ
ᠭᠡᠨᠡᠬᠡᠨ ᠪᠠᠭ᠎ᠠ ᠶ᠋ᠢᠨ ᠳᠤᠷᠠᠰᠤᠮᠵᠢ ᠪᠠᠨ ᠰᠠᠨᠠᠬᠤ ᠳ᠋ᠠᠭᠠᠨ
ᠬᠠᠯᠭᠢᠵᠦ ᠲᠤᠭᠤᠯᠬᠤ ᠠᠮᠢᠳᠤᠷᠠᠯ ᠤᠨ ᠨᠤᠭᠤᠴᠠᠭᠠᠨ ᠳ᠋ᠤ
ᠬᠠᠮᠤᠭ ᠤᠨ ᠲᠦᠷᠦᠭᠦᠨ ᠳ᠋ᠦ ᠨᠠᠶᠢᠵᠠ ᠶ᠋ᠢ ᠪᠡᠨ ᠯᠡ ᠵᠣᠷᠢᠬᠤ ᠶᠤᠮ
     ᠥᠷᠥᠭᠡᠯ ᠢ ᠠᠴᠢᠯᠠᠵᠤ ᠥᠪᠡᠷ ᠢ ᠪᠡᠨ ᠤᠮᠠᠷᠲᠠᠬᠤ
     ᠥᠷᠥ ᠨᠢᠮᠭᠡᠨ ᠮᠢᠨᠤ ᠯᠡ ᠨᠠᠶᠢᠵᠠ ᠡ
     ᠡᠭᠡᠰᠢᠭ ᠬᠣᠩᠭᠣᠷᠬᠠᠨ ᠠᠶᠠᠯᠭᠤ ᠳᠠᠭᠤᠤ ᠲᠠᠢ
     ᠡᠭᠡᠯ ᠡᠳᠦᠷ ᠦᠳ ᠢ ᠬᠠᠮᠲᠤ ᠳ᠋ᠠᠭᠠᠨ ᠲᠤᠭᠤᠯᠬᠤ ᠳ᠋ᠠᠭᠠᠨ
     ᠡᠷᠭᠢᠬᠦ ᠴᠠᠭ ᠢ ᠭᠡᠷᠡᠯᠲᠦᠭᠦᠯᠦᠭᠰᠡᠨ ᠠᠨᠳᠠ ᠮᠢᠨᠢ ᠡ
ᠴᠠᠯᠭᠢᠨ ᠴᠠᠯᠭᠢᠨ ᠤᠷᠤᠰᠬᠠᠯ ᠦᠶᠡᠷᠯᠡᠭᠦᠯᠵᠦ
ᠴᠠᠮᠨᠠᠵᠤ ᠶᠠᠪᠤᠭᠰᠠᠨ ᠣᠮᠣᠭᠯᠠᠩ ᠦᠶᠡᠷᠬᠡᠯ
ᠠᠪᠤ᠋ ᠯᠡ ᠡᠵᠢ ᠪᠡᠨ ᠡᠨᠡᠷᠢᠬᠦ ᠤᠬᠠᠭᠠᠷᠠᠯ ᠢ
ᠠᠮᠢᠨ ᠵᠢᠷᠦᠬᠡᠨ ᠳ᠋ᠡᠬᠡᠨ ᠳᠡᠭᠡᠳᠦᠯᠡᠭᠰᠡᠨ ᠨᠠᠶᠢᠵᠠ ᠮᠢᠨᠢ ᠡ
     ᠥᠷᠥᠭᠡᠯ ᠢ ᠠᠴᠢᠯᠠᠵᠤ ᠥᠪᠡᠷ ᠢ ᠪᠡᠨ ᠤᠮᠠᠷᠲᠠᠬᠤ
     ᠥᠷᠥ ᠨᠢᠮᠭᠡᠨ ᠮᠢᠨᠤ ᠯᠡ ᠨᠠᠶᠢᠵᠠ ᠡ
     ᠡᠭᠡᠰᠢᠭ ᠬᠣᠩᠭᠣᠷᠬᠠᠨ ᠠᠶᠠᠯᠭᠤ ᠳᠠᠭᠤᠤ ᠲᠠᠢ
     ᠡᠭᠡᠯ ᠡᠳᠦᠷ ᠦᠳ ᠢ ᠬᠠᠮᠲᠤ ᠳ᠋ᠠᠭᠠᠨ ᠲᠤᠭᠤᠯᠬᠤ ᠳ᠋ᠠᠭᠠᠨ
     ᠡᠷᠭᠢᠬᠦ ᠴᠠᠭ ᠢ ᠭᠡᠷᠡᠯᠲᠦᠭᠦᠯᠦᠭᠰᠡᠨ ᠠᠨᠳᠠ ᠮᠢᠨᠢ ᠡ
ᠳᠡᠭᠦᠯᠢᠨ ᠳᠡᠭᠦᠯᠢᠨ ᠰᠢᠪᠠᠭᠤᠳ ᠪᠤᠴᠠᠭᠰᠠᠨ
ᠳᠦᠭᠦᠷᠡᠩ ᠨᠢᠯᠪᠤᠰᠤ ᠲᠠᠢ ᠬᠣᠷᠸ᠎ᠠ ᠦᠯᠡᠳᠡᠬᠦ ᠳ᠋ᠦ
ᠬᠤᠪᠢᠷᠠᠵᠤ ᠡᠯᠡᠭᠳᠡᠬᠦ ᠠᠮᠢᠳᠤᠷᠠᠯ ᠤᠨ ᠵᠠᠮ ᠳ᠋ᠠᠭᠠᠨ
ᠬᠠᠭᠤᠴᠢᠷᠠᠵᠤ ᠰᠡᠪᠲᠡᠭᠡ ᠦᠭᠡᠢ ᠴᠢᠨᠦ ᠮᠢᠨᠤ ᠨᠦᠬᠦᠷᠯᠡᠯ
     ᠥᠷᠥᠭᠡᠯ ᠢ ᠠᠴᠢᠯᠠᠵᠤ ᠥᠪᠡᠷ ᠢ ᠪᠡᠨ ᠤᠮᠠᠷᠲᠠᠬᠤ
     ᠥᠷᠥ ᠨᠢᠮᠭᠡᠨ ᠮᠢᠨᠤ ᠯᠡ ᠨᠠᠶᠢᠵᠠ ᠡ
     ᠡᠭᠡᠰᠢᠭ ᠬᠣᠩᠭᠣᠷᠬᠠᠨ ᠠᠶᠠᠯᠭᠤ ᠳᠠᠭᠤᠤ ᠲᠠᠢ
     ᠡᠭᠡᠯ ᠡᠳᠦᠷ ᠦᠳ ᠢ ᠬᠠᠮᠲᠤ ᠳ᠋ᠠᠭᠠᠨ ᠲᠤᠭᠤᠯᠬᠤ ᠳ᠋ᠠᠭᠠᠨ
     ᠡᠷᠭᠢᠬᠦ ᠴᠠᠭ ᠢ ᠭᠡᠷᠡᠯᠲᠦᠭᠦᠯᠦᠭᠰᠡᠨ ᠠᠨᠳᠠ ᠮᠢᠨᠢ ᠡ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ