ᠠᠪᠠᠭ᠎ᠠ ᠨᠤᠲᠤᠭ
ᠦᠭᠡ᠄ ᠬᠠᠰᠪᠣᠯᠣᠳ
ᠠᠶ᠎ᠠ᠄ ᠪ · ᠴᠢᠷᠮᠠᠶᠢᠯᠲᠤ
ᠵᠠᠯᠮ᠎ᠠ ᠬᠠᠷ᠎ᠠ ᠬᠠᠮᠲᠤᠯᠢᠭ ᠳᠠᠭᠤᠯᠠᠪᠠ
ᠰᠦᠨ ᠴᠠᠭᠠᠨ ᠨᠠᠭᠤᠷ ᠨᠢ
ᠰᠢᠭᠦᠳᠡᠷᠢ ᠶ᠋ᠢᠨ ᠲᠤᠰᠤᠯ ᠢᠶᠠᠷ ᠰᠦᠩᠨᠡᠭᠡᠰᠦᠲᠡᠢ
ᠰᠦᠮᠪᠦᠷ ᠬᠠᠶᠢᠷᠬᠠᠨ ᠠᠭᠤᠯᠠ ᠨᠢ
ᠰᠦᠰᠦᠭ ᠦᠨ ᠴᠢᠯᠠᠭᠤᠳ ᠢᠶᠠᠷ ᠥᠷᠥᠭᠡᠰᠦᠲᠡᠢ
ᠰᠡᠩᠰᠡᠨ ᠪᠤᠯᠠᠭ ᠤᠨ ᠤᠰᠤ ᠨᠢ
ᠠᠮᠢᠨ ᠵᠢᠷᠦᠬᠡᠨ ᠡᠴᠡ ᠤᠨᠳᠤᠷᠤᠭᠠᠰᠤᠲᠠᠢ
ᠰᠡᠳᠬᠢᠯ ᠡᠴᠡ ᠤᠶᠠᠩᠭ᠎ᠠ ᠲᠠᠢ ᠳᠠᠭᠤᠤ ᠨᠢ
ᠠᠪᠤᠷᠭᠤ ᠪᠣᠭᠳᠠ ᠳ᠋ᠠᠭᠠᠨ ᠴᠤᠤᠷᠢᠶᠠᠲᠠᠢ
ᠠᠪᠠᠭ᠎ᠠ ᠶ᠋ᠢᠨ ᠠᠭᠤᠳᠠᠮ ᠨᠤᠲᠤᠭ ᠡ
ᠠᠪᠤ᠋ ᠶ᠋ᠢᠨ ᠠᠪᠤ᠋ ᠶ᠋ᠢᠨ ᠭᠤᠯᠤᠮᠲᠠ ᠮᠢᠨᠢ
ᠡᠯᠢᠭᠡᠨ ᠬᠠᠶᠢᠷᠠᠲᠠᠢ ᠨᠤᠲᠤᠭ ᠮᠢᠨᠢ
ᠡᠵᠢ ᠶ᠋ᠢᠨ ᠮᠢᠨᠢ ᠡᠵᠢ ᠶ᠋ᠢᠨ ᠮᠢᠨᠢ ᠥᠯᠥᠭᠡᠢ
ᠠᠪᠠᠭ᠎ᠠ ᠶ᠋ᠢᠨ ᠠᠭᠤᠳᠠᠮ ᠨᠤᠲᠤᠭ ᠡ
ᠠᠪᠤ᠋ ᠶ᠋ᠢᠨ ᠠᠪᠤ᠋ ᠶ᠋ᠢᠨ ᠭᠤᠯᠤᠮᠲᠠ ᠮᠢᠨᠢ
ᠡᠯᠢᠭᠡᠨ ᠬᠠᠶᠢᠷᠠᠲᠠᠢ ᠨᠤᠲᠤᠭ ᠮᠢᠨᠢ
ᠡᠵᠢ ᠶ᠋ᠢᠨ ᠮᠢᠨᠢ ᠡᠵᠢ ᠶ᠋ᠢᠨ ᠮᠢᠨᠢ ᠥᠯᠥᠭᠡᠢ
ᠪᠠᠶᠢᠭᠠᠯᠢ ᠨᠢ ᠰᠠᠶᠢᠬᠠᠨ ᠪᠠᠶᠠᠨ ᠭᠣᠣᠯ
ᠰᠣᠯᠣᠩᠭ᠎ᠠ ᠶ᠋ᠢᠨ ᠥᠩᠭᠡ ᠪᠡᠷ ᠴᠢᠮᠠᠭᠯᠡᠭᠡᠰᠦᠲᠡᠢ
ᠪᠠᠷ᠎ᠠ ᠨᠢ ᠰᠦᠷᠯᠢᠭ ᠰᠢᠯᠢ ᠶ᠋ᠢᠨ ᠬᠠᠷ᠎ᠠ ᠣᠪᠣᠭ᠎ᠠ
ᠰᠠᠴᠤᠯᠢ ᠶ᠋ᠢᠨ ᠳᠡᠭᠡᠵᠢ ᠪᠡᠷ ᠰᠡᠷᠵᠢᠮᠡᠯᠡᠭᠡᠰᠦᠲᠡᠢ
ᠪᠡᠯᠭᠦᠳᠡᠢ ᠶ᠋ᠢᠨ ᠠᠯᠲᠠᠨ ᠶᠠᠰᠤᠲᠠᠨ ᠤ
ᠪᠥᠬᠡ ᠶ᠋ᠢᠨ ᠬᠡᠶᠢᠮᠣᠷᠢ ᠤᠳᠤᠮᠰᠢᠯ ᠲᠠᠢ
ᠲᠡᠨᠢᠭᠡᠷ ᠠᠭᠤᠳᠠᠮ ᠨᠤᠲᠤᠭ ᠲᠤ
ᠳᠡᠭᠡᠳᠦᠰ ᠦᠨ ᠢᠷᠦᠭᠡᠯ ᠰᠢᠩᠭᠡᠭᠡᠰᠦᠲᠡᠢ
ᠠᠪᠠᠭ᠎ᠠ ᠶ᠋ᠢᠨ ᠠᠭᠤᠳᠠᠮ ᠨᠤᠲᠤᠭ ᠡ
ᠠᠪᠤ᠋ ᠶ᠋ᠢᠨ ᠠᠪᠤ᠋ ᠶ᠋ᠢᠨ ᠭᠤᠯᠤᠮᠲᠠ ᠮᠢᠨᠢ
ᠡᠯᠢᠭᠡᠨ ᠬᠠᠶᠢᠷᠠᠲᠠᠢ ᠨᠤᠲᠤᠭ ᠮᠢᠨᠢ
ᠡᠵᠢ ᠶ᠋ᠢᠨ ᠮᠢᠨᠢ ᠡᠵᠢ ᠶ᠋ᠢᠨ ᠮᠢᠨᠢ ᠥᠯᠥᠭᠡᠢ
ᠠᠪᠠᠭ᠎ᠠ ᠶ᠋ᠢᠨ ᠠᠭᠤᠳᠠᠮ ᠨᠤᠲᠤᠭ ᠡ
ᠠᠪᠤ᠋ ᠶ᠋ᠢᠨ ᠠᠪᠤ ᠶ᠋ᠢᠨ ᠭᠤᠯᠤᠮᠲᠠ ᠮᠢᠨᠢ
ᠡᠯᠢᠭᠡᠨ ᠬᠠᠶᠢᠷᠠᠲᠠᠢ ᠨᠤᠲᠤᠭ ᠮᠢᠨᠢ
ᠡᠵᠢ ᠶ᠋ᠢᠨ ᠮᠢᠨᠢ ᠡᠵᠢ ᠶ᠋ᠢᠨ ᠮᠢᠨᠢ ᠥᠯᠥᠭᠡᠢ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ
ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ