ᠵᠦᠩ ᠢᠶ᠋ᠡᠷ ᠢᠶ᠋ᠡᠨ ᠬᠠᠶᠢᠷᠠᠯᠠᠶ᠎ᠠ ᠴᠢᠮᠠᠶᠢ ᠶ᠋ᠢ ᠪᠠᠨ

ᠤᠩᠰᠢᠭᠰᠠᠨ ᠤᠳᠠᠭ᠎ᠠ ᠄ 3943    ᠨᠡᠶᠢᠳᠡᠯᠡᠭᠰᠡᠨ ᠴᠠᠭ ᠄ 2017/2/21 14:17:23

      ᠵᠦᠩ ᠢᠶ᠋ᠡᠷ ᠢᠶ᠋ᠡᠨ ᠬᠠᠶᠢᠷᠠᠯᠠᠶ᠎ᠠ ᠴᠢᠮᠠᠶᠢ ᠶ᠋ᠢ ᠪᠠᠨ
                    ᠦᠭᠡ ᠄ ᠬᠠᠰᠪᠢᠯᠢᠭ᠌
                    ᠠᠶ᠎ᠠ ᠄ ᠤᠷᠲᠤᠨᠠᠰᠤᠨ
                    ᠠᠯᠲᠠᠨᠵᠠᠭᠠᠨ᠂ ᠰᠠᠷᠠᠩᠬᠤᠸᠠᠷ ᠳᠠᠭᠤᠯᠠᠪᠠ
ᠵᠥᠩ ᠢᠶ᠋ᠡᠷ ᠢᠶ᠋ᠡᠨ ᠴᠢᠮᠠᠶᠢ ᠬᠠᠶᠢᠷᠠᠯᠠᠶ᠎ᠠ ᠭᠡᠰᠡᠨ ᠶᠤᠮ ᠡ
ᠵᠦᠯᠭᠡᠨ ᠳᠡᠭᠡᠷ᠎ᠡ ᠠᠰᠬᠠᠷᠠᠭᠰᠠᠨ ᠰᠠᠷᠠ ᠯᠡ ᠶᠤᠮ ᠳ᠋ᠠ ᠴᠢ
ᠰᠠᠨᠠᠭᠠᠨ ᠳ᠋ᠠᠭᠠᠨ ᠴᠢᠮᠠᠶᠢ ᠵᠢᠷᠤᠶ᠎ᠠ ᠭᠡᠰᠡᠨ ᠶᠤᠮ ᠡ
ᠰᠠᠷᠠᠨ ᠤ ᠤᠷᠤᠰᠬᠠᠯ ᠳ᠋ᠦ ᠬᠦᠪᠦᠭᠰᠡᠨ ᠢᠷᠭᠤᠢ ᠶᠤᠮ ᠳ᠋ᠠ ᠬᠥ᠋

ᠠᠭᠤᠯᠠ ᠪᠠᠷ ᠢᠶᠡᠨ ᠴᠢᠮᠠᠶᠢ ᠬᠠᠶᠢᠷᠠᠯᠠᠶ᠎ᠠ ᠭᠡᠰᠡᠨ ᠶᠤᠮ ᠡ
ᠤᠷᠢᠨ ᠨᠠᠮᠤᠷ ᠢᠶᠠᠷ ᠬᠥᠭᠯᠡᠭᠳᠡᠭᠰᠡᠨ ᠶᠠᠲᠤᠭ᠎ᠠ ᠯᠡ ᠶᠤᠮ ᠳ᠋ᠠ ᠴᠢ
ᠨᠠᠭᠤᠷ ᠢᠶᠠᠷ ᠢᠶᠡᠨ ᠴᠢᠮᠠᠶᠢ ᠳᠠᠭᠤᠯᠠᠶ᠎ᠠ ᠭᠡᠰᠡᠨ ᠶᠤᠮ ᠡ
ᠤᠷᠠᠨ ᠶᠠᠲᠤᠭ᠎ᠠ ᠪᠠᠷ ᠤᠶᠠᠷᠠᠭᠰᠠᠨ ᠨᠢᠯᠪᠤᠰᠤ ᠶᠤᠮ ᠳ᠋ᠠ ᠪᠢ
     ᠵᠢᠷᠦᠬᠡ ᠪᠡᠨ ᠬᠤᠭᠤᠷᠳᠠᠵᠤ ᠤᠶᠠᠩᠭ᠎ᠠ ᠪᠣᠯᠲᠠᠯ᠎ᠠ
     ᠵᠦᠭᠡᠷ ᠴᠢᠮᠠᠶᠢ ᠬᠠᠶᠢᠷᠠᠯᠠᠶ᠎ᠠ ᠭᠡᠰᠡᠨ ᠶᠤᠮ ᠡ
     ᠵᠦᠪᠬᠡᠨ ᠶᠠᠭᠤ ᠴᠦ ᠬᠦᠰᠡᠬᠦ ᠦᠭᠡᠢ ᠶᠠᠭᠤ ᠴᠦ ᠬᠦᠰᠡᠬᠦ ᠦᠭᠡᠢ ᠪᠡᠷ
     ᠵᠦᠩ ᠢᠶ᠋ᠡᠷ ᠢᠶ᠋ᠡᠨ ᠴᠢᠮᠠᠶᠢ ᠬᠠᠶᠢᠷᠠᠯᠠᠶ᠎ᠠ ᠭᠡᠰᠡᠨ ᠶᠤᠮ ᠡ

ᠠᠶ᠎ᠠ ᠪᠠᠷ ᠢᠶᠡᠨ ᠴᠢᠮᠠᠶᠢ ᠬᠠᠶᠢᠷᠠᠯᠠᠶ᠎ᠠ ᠭᠡᠰᠡᠨ ᠶᠤᠮ ᠡ
ᠠᠷᠴᠠᠨ ᠡᠴᠠ ᠳᠡᠩᠳᠡᠭᠦᠦ ᠰᠣᠳᠣᠬᠠᠨ ᠽᠠᠨᠳᠠᠨ ᠯᠡ ᠶᠤᠮ ᠳ᠋ᠠ ᠴᠢ
ᠵᠠᠩ ᠢᠶᠠᠷ ᠢᠶᠡᠨ ᠴᠢᠮᠠᠶᠢ ᠳᠠᠰᠬᠠᠶ᠎ᠠ ᠭᠡᠰᠡᠨ ᠶᠤᠮ ᠡ
ᠽᠠᠨᠳᠠᠨ ᠤ ᠦᠨᠦᠷ ᠲᠦ ᠬᠣᠷᠭᠤᠳᠠᠭᠰᠠᠨ ᠰᠠᠯᠬᠢ ᠯᠡ ᠶᠤᠮ ᠳ᠋ᠠ ᠪᠢ
     ᠵᠢᠷᠦᠬᠡ ᠪᠡᠨ ᠬᠤᠭᠤᠷᠳᠠᠵᠤ ᠤᠶᠠᠩᠭ᠎ᠠ ᠪᠣᠯᠲᠠᠯ᠎ᠠ
     ᠵᠦᠭᠡᠷ ᠴᠢᠮᠠᠶᠢ ᠬᠠᠶᠢᠷᠠᠯᠠᠶ᠎ᠠ ᠭᠡᠰᠡᠨ ᠶᠤᠮ ᠡ
     ᠵᠦᠪᠬᠡᠨ ᠶᠠᠭᠤ ᠴᠦ ᠬᠦᠰᠡᠬᠦ ᠦᠭᠡᠢ ᠶᠠᠭᠤ ᠴᠦ ᠬᠦᠰᠡᠬᠦ ᠦᠭᠡᠢ ᠪᠡᠷ
     ᠵᠦᠩ ᠢᠶ᠋ᠡᠷ ᠢᠶ᠋ᠡᠨ ᠴᠢᠮᠠᠶᠢ ᠬᠠᠶᠢᠷᠠᠯᠠᠶ᠎ᠠ ᠭᠡᠰᠡᠨ ᠶᠤᠮ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ