ᠠᠷᠤ ᠬᠣᠷᠴᠢᠨ ᠰᠠᠶᠢᠬᠠᠨ ᠭᠠᠵᠠᠷ

ᠤᠩᠰᠢᠭᠰᠠᠨ ᠤᠳᠠᠭ᠎ᠠ ᠄ 4404    ᠨᠡᠶᠢᠳᠡᠯᠡᠭᠰᠡᠨ ᠴᠠᠭ ᠄ 2017/2/20 13:46:46

       ᠠᠷᠤ ᠬᠣᠷᠴᠢᠨ ᠰᠠᠶᠢᠬᠠᠨ ᠭᠠᠵᠠᠷ
                     ᠦᠭᠡ᠄ ᠪᠠᠯᠵᠤᠤᠷ
                     ᠠᠶ᠎ᠠ᠄ ᠳ᠋ᠠᠮᠪᠠ
                     ᠤᠷᠠᠨ᠎ᠠ ᠳᠠᠭᠤᠯᠠᠪᠠ
ᠠᠪᠤ᠋ ᠶ᠋ᠢᠨ ᠳᠦᠷᠢ ᠪᠡᠷ ᠰᠡᠬᠦᠶᠢᠨ ᠰᠦᠨᠳᠡᠷᠯᠡᠭᠰᠡᠨ
ᠠᠰᠬ᠎ᠠ ᠥᠨᠳᠥᠷ ᠠᠭᠤᠯᠠ ᠬᠠᠶᠢᠷᠬᠠᠨ ᠲᠠᠢ
ᠡᠵᠢ ᠶ᠋ᠢᠨ ᠰᠦ ᠰᠢᠭ ᠠᠷᠢᠭᠤᠬᠠᠨ ᠮᠡᠯᠮᠡᠷᠡᠭᠰᠡᠨ
ᠬᠠᠬᠢᠷ ᠭᠣᠣᠯ ᠤᠨ ᠵᠥᠭᠡᠯᠡᠨ ᠤᠷᠤᠰᠬᠠᠯ ᠲᠠᠢ
       ᠡᠨᠡ ᠪᠣᠯ ᠮᠢᠨᠤ ᠲᠥᠷᠥᠭᠰᠡᠨ ᠨᠤᠲᠤᠭ
       ᠠᠷᠤ ᠬᠣᠷᠴᠢᠨ ᠮᠢᠨᠢ ᠰᠠᠶᠢᠬᠠᠨ ᠭᠠᠵᠠᠷ
       ᠡᠨᠡ ᠪᠣᠯ ᠮᠢᠨᠤ ᠤᠨᠠᠭᠰᠠᠨ ᠰᠢᠷᠣᠢ
       ᠠᠷᠤ ᠬᠣᠷᠴᠢᠨ ᠮᠢᠨᠢ ᠰᠠᠶᠢᠬᠠᠨ ᠭᠠᠵᠠᠷ

ᠮᠥᠩᠬᠡ ᠲᠡᠭᠷᠢ ᠶ᠋ᠢ ᠲᠣᠯᠢᠳᠠᠨ ᠮᠢᠰᠢᠶᠡᠭᠰᠡᠨ
ᠮᠥᠩᠭᠥᠨ ᠳᠠᠪᠠᠯᠭᠠᠨᠲᠤ ᠬᠤᠨᠲᠤ ᠶ᠋ᠢᠨ ᠨᠠᠭᠤᠷ ᠲᠠᠢ
ᠠᠪᠤ᠋ ᠡᠵᠢ ᠶ᠋ᠢᠨ ᠨᠤᠲᠤᠭᠰᠢᠨ ᠰᠠᠭᠤᠭᠰᠠᠨ
ᠮᠢᠩᠭᠠᠨ ᠭᠠᠵᠠᠷ ᠤᠨ ᠠᠯᠳᠠᠢ ᠶ᠋ᠢᠨ ᠮᠠᠩᠬ᠎ᠠ ᠲᠠᠢ
      ᠡᠨᠡ ᠪᠣᠯ ᠮᠢᠨᠤ ᠲᠥᠷᠥᠭᠰᠡᠨ ᠨᠤᠲᠤᠭ
      ᠠᠷᠤ ᠬᠣᠷᠴᠢᠨ ᠮᠢᠨᠢ ᠰᠠᠶᠢᠬᠠᠨ ᠭᠠᠵᠠᠷ
      ᠡᠨᠡ ᠪᠣᠯ ᠮᠢᠨᠤ ᠤᠨᠠᠭᠰᠠᠨ ᠰᠢᠷᠣᠢ
      ᠠᠷᠤ ᠬᠣᠷᠴᠢᠨ ᠮᠢᠨᠢ ᠰᠠᠶᠢᠬᠠᠨ ᠭᠠᠵᠠᠷ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ