ᠳᠠᠭᠤᠤ ᠶ᠋ᠢ ᠮᠢᠨᠢ ᠴᠢ ᠳᠠᠭᠤᠯᠠᠭᠠᠰᠠᠢ
ᠦᠭᠡ᠄ ᠷ · ᠴᠣᠶᠢᠨᠠᠮ
ᠠᠶ᠎ᠠ᠄ ᠲᠦᠮᠡᠨ
ᠭᠠᠴᠤᠷ᠎ᠠ᠂ ᠪᠤᠶᠠᠨ᠎ᠠ ᠳᠠᠭᠤᠯᠠᠪᠠ
ᠠᠭᠤᠯᠠ ᠤᠰᠤ ᠶ᠋ᠢ ᠳᠠᠪᠠᠭᠤᠯᠤᠭᠠᠳ
ᠬᠠᠷᠠᠭ᠎ᠠ ᠲᠠᠯᠪᠢᠨ ᠰᠢᠷᠲᠡᠭᠡᠰᠦᠲᠡᠢ
ᠤᠶᠠᠬᠠᠨ ᠵᠠᠩ ᠢ ᠨᠢ ᠪᠣᠳᠣᠬᠣ ᠪᠠᠷ ᠢᠶᠡᠨ
ᠬᠠᠶᠢᠷ᠎ᠠ ᠶ᠋ᠢᠨ ᠨᠢᠯᠪᠤᠰᠤ ᠲᠤᠰᠤᠯᠠᠭᠠᠰᠤᠲᠠᠢ
ᠢᠩᠬᠢᠵᠦ ᠳᠤᠷᠠᠰᠤᠨ ᠰᠠᠭᠤᠭ᠎ᠠ ᠨᠢ
ᠶᠡᠬᠡ ᠬᠠᠶᠢᠷ᠎ᠠ ᠶ᠋ᠢᠨ ᠪᠤᠷᠤᠭᠤ ᠤᠣ
ᠢᠯᠳᠠᠮᠬᠠᠨ ᠨᠠᠰᠤᠨ ᠤ ᠢᠨᠠᠭ ᠮᠢᠨᠢ
ᠢᠷᠡᠵᠦ ᠤᠴᠠᠷᠠᠬᠤ ᠪᠣᠯᠣᠭ᠎ᠠ ᠦᠭᠡᠢ ᠤᠣ
ᠳᠠᠭᠤᠤ ᠶ᠋ᠢ ᠮᠢᠨᠢ ᠴᠢ ᠳᠠᠭᠤᠯᠠᠭᠠᠰᠠᠢ
ᠳᠠᠭᠤᠯᠠᠭᠰᠠᠨ ᠳᠣᠣᠷ᠎ᠠ ᠪᠠᠨ ᠢᠷᠡᠭᠡᠰᠡᠢ
ᠳᠠᠭᠤᠤ ᠶ᠋ᠢ ᠮᠢᠨᠢ ᠴᠢ ᠳᠠᠭᠤᠯᠠᠭᠠᠰᠠᠢ
ᠳᠠᠭᠤᠯᠠᠭᠰᠠᠨ ᠳᠣᠣᠷ᠎ᠠ ᠪᠠᠨ ᠢᠷᠡᠭᠡᠰᠡᠢ
ᠢᠨᠠᠭ ᠲᠣᠳᠣᠨᠤ ᠳᠠᠰᠤᠭᠰᠠᠨ ᠳ᠋ᠠᠭᠠᠨ
ᠦᠦᠷ ᠰᠥᠨᠢ ᠳ᠋ᠡᠬᠡᠨ ᠵᠡᠭᠦᠳᠦᠯᠡᠭᠡᠰᠦᠲᠡᠢ
ᠶᠠᠪᠤᠭᠠᠳ ᠢᠷᠡᠨ᠎ᠡ ᠭᠡᠰᠡᠨ ᠳ᠋ᠡᠬᠡᠨ
ᠦᠳᠡ ᠶ᠋ᠢᠨ ᠴᠠᠢ ᠪᠠᠨ ᠳᠡᠭᠡᠵᠢᠯᠡᠭᠡᠰᠦᠲᠡᠢ
ᠢᠩᠬᠢᠵᠦ ᠳᠤᠷᠠᠰᠤᠨ ᠰᠠᠭᠤᠭ᠎ᠠ ᠨᠢ
ᠶᠡᠬᠡ ᠬᠠᠶᠢᠷ᠎ᠠ ᠶ᠋ᠢᠨ ᠪᠤᠷᠤᠭᠤ ᠤᠣ
ᠢᠯᠳᠠᠮᠬᠠᠨ ᠨᠠᠰᠤᠨ ᠤ ᠢᠨᠠᠭ ᠮᠢᠨᠢ
ᠢᠷᠡᠵᠦ ᠤᠴᠠᠷᠠᠬᠤ ᠪᠣᠯᠣᠭ᠎ᠠ ᠦᠭᠡᠢ ᠤᠣ
ᠳᠠᠭᠤᠤ ᠶ᠋ᠢ ᠮᠢᠨᠢ ᠴᠢ ᠳᠠᠭᠤᠯᠠᠭᠠᠰᠠᠢ
ᠳᠠᠭᠤᠯᠠᠭᠰᠠᠨ ᠳᠣᠣᠷ᠎ᠠ ᠪᠠᠨ ᠢᠷᠡᠭᠡᠰᠡᠢ
ᠳᠠᠭᠤᠤ ᠶ᠋ᠢ ᠮᠢᠨᠢ ᠴᠢ ᠳᠠᠭᠤᠯᠠᠭᠠᠰᠠᠢ
ᠳᠠᠭᠤᠯᠠᠭᠰᠠᠨ ᠳᠣᠣᠷ᠎ᠠ ᠪᠠᠨ ᠢᠷᠡᠭᠡᠰᠡᠢ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ
ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ