ᠰᠡᠳᠬᠢᠯ ᠦᠨ ᠪᠤᠯᠠᠭ

ᠤᠩᠰᠢᠭᠰᠠᠨ ᠤᠳᠠᠭ᠎ᠠ ᠄ 1200    ᠨᠡᠶᠢᠳᠡᠯᠡᠭᠰᠡᠨ ᠴᠠᠭ ᠄ 2017/2/15 10:26:01

       ᠰᠡᠳᠬᠢᠯ ᠦᠨ ᠪᠤᠯᠠᠭ
                  ᠦᠭᠡ ᠄ ᠣᠶᠤᠨᠪᠠᠭᠠᠲᠤᠷ
                  ᠠᠶ᠎ᠠ ᠄ ᠰᠸᠷᠠᠣᠳᠣ
                  ᠳᠠᠯᠠᠨᠲᠠᠢ᠂ ᠡᠷᠳᠡᠨᠢᠴᠡᠴᠡᠭ ᠳᠠᠭᠤᠯᠠᠪᠠ
ᠪᠣᠷᠣᠭᠠᠨ ᠲᠠᠢ ᠥᠷᠯᠥᠭᠡ ᠴᠢᠮ᠎ᠠ ᠶ᠋ᠢ ᠪᠡᠨ ᠦᠭᠡᠶᠢᠯᠡᠭᠡᠳ
ᠪᠣᠳᠣᠯ ᠤᠨ ᠨᠠᠷᠠᠨ ᠳ᠋ᠤ ᠥᠷᠲᠥᠮᠡᠷ ᠦᠭᠡᠢ ᠥᠨᠵᠢᠮᠡᠷ
ᠪᠣᠷᠣ ᠳᠠᠷᠠᠰᠤᠨ ᠳ᠋ᠤ ᠰᠤᠭᠳᠤᠮᠠᠷ ᠦᠭᠡᠢ ᠳᠠᠭᠤᠯᠠᠮᠠᠷ
ᠪᠠᠯ ᠲᠠᠢ ᠵᠦᠭᠡᠢ ᠶ᠋ᠢ ᠦᠷᠭᠦᠭᠡᠮᠡᠷ ᠦᠭᠡᠢ ᠥᠰᠭᠡᠮᠡᠷ
     ᠰᠡᠳᠬᠢᠯ ᠦᠨ ᠪᠤᠯᠠᠭ ᠮᠢᠨᠢ ᠴᠢᠮ᠎ᠠ ᠤᠷᠤᠭᠤ ᠦᠶᠡᠷᠯᠡᠯ᠎ᠡ
     ᠬᠠᠶᠢᠷᠠᠲᠤ ᠮᠢᠨᠢ
ᠬᠠᠶᠠ ᠴᠢᠮ᠎ᠠ ᠳ᠋ᠠᠭᠠᠨ ᠣᠬᠢᠯᠠᠮᠠᠷ ᠦᠭᠡᠢ ᠲᠤᠨᠢᠮᠠᠷ
ᠬᠠᠶᠢᠷ᠎ᠠ ᠶ᠋ᠢᠨ ᠭᠡᠷᠡᠯ ᠳ᠋ᠦ ᠳᠠᠭᠤ ᠦᠭᠡᠶᠢᠬᠡᠨ ᠰᠠᠭᠤᠮᠠᠷ
ᠬᠠᠲᠤᠨ ᠰᠡᠨᠳᠡᠢ ᠳ᠋ᠦ ᠵᠦᠩ ᠢᠶ᠋ᠡᠷ ᠢᠶ᠋ᠡᠨ ᠵᠠᠯᠠᠷᠠᠮᠠᠷ
ᠬᠠᠲᠠᠭᠤ ᠣᠷᠴᠢᠯᠠᠩ ᠢ ᠵᠥᠭᠡᠯᠡᠷᠡᠭᠦᠯᠦᠨ ᠠᠷᠭᠠᠳᠠᠮᠠᠷ
     ᠰᠡᠳᠬᠢᠯ ᠦᠨ ᠪᠤᠯᠠᠭ ᠮᠢᠨᠢ ᠴᠢᠮ᠎ᠠ ᠤᠷᠤᠭᠤ ᠦᠶᠡᠷᠯᠡᠯ᠎ᠡ
     ᠬᠠᠶᠢᠷᠠᠲᠤ ᠮᠢᠨᠢ
ᠠᠭᠤᠯᠵᠠᠬᠤ ᠶ᠋ᠢᠨ ᠵᠠᠭᠤᠷ᠎ᠠ ᠳ᠋ᠦ ᠰᠠᠯᠤᠮᠠᠷ ᠦᠭᠡᠢ ᠳᠠᠰᠤᠮᠠᠷ
ᠤᠶᠠᠩᠭ᠎ᠠ ᠶ᠋ᠢᠨ ᠳᠠᠭᠤᠯᠠᠯ ᠳ᠋ᠤ ᠤᠶᠠᠷᠠᠮᠠᠷ ᠦᠭᠡᠢ ᠬᠠᠶᠢᠯᠤᠮᠠᠷ
ᠤᠷᠠᠨ ᠰᠢᠪᠠᠭᠤᠳ ᠭᠦᠢᠴᠡᠮᠡᠷ ᠦᠭᠡᠢ ᠵᠢᠷᠭᠢᠮᠡᠷ
ᠤᠷᠢᠳᠤ ᠶ᠋ᠢᠨ ᠢᠷᠥᠭᠡᠯ ᠰᠠᠨᠠᠮᠠᠷ ᠦᠭᠡᠢ ᠵᠢᠷᠭᠠᠮᠠᠷ
     ᠰᠡᠳᠬᠢᠯ ᠦᠨ ᠪᠤᠯᠠᠭ ᠮᠢᠨᠢ ᠴᠢᠮ᠎ᠠ ᠤᠷᠤᠭᠤ ᠦᠶᠡᠷᠯᠡᠯ᠎ᠡ
     ᠬᠠᠶᠢᠷᠠᠲᠤ ᠮᠢᠨᠢ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ