ᠰᠠᠨᠠᠵᠤ ᠶᠠᠪᠤᠬᠤ ᠦᠭᠡᠢ ᠶᠠᠭᠠᠬᠢᠬᠤᠪ
ᠦᠭᠡ᠄ ᠨᠠᠰᠤᠨ
ᠠᠶ᠎ᠠ᠄ ᠠ · ᠪᠠᠶᠠᠷ
ᠡᠷᠳᠡᠨᠢᠭᠡᠷᠡᠯ ᠳᠠᠭᠤᠯᠠᠪᠠ
ᠡᠨᠡᠬᠡᠨ ᠬᠣᠷᠸ᠎ᠠ ᠳ᠋ᠤ ᠨᠠᠷᠠᠨ ᠤ ᠬᠣᠭᠣᠷᠣᠨᠳᠣ
ᠡᠷᠢᠵᠦ ᠬᠦᠰᠡᠭᠦᠯᠬᠦ ᠶ᠋ᠢᠨ ᠲᠠᠪᠢᠯᠠᠩ ᠳᠡᠭᠡᠳᠦᠯᠡᠭᠦᠯᠵᠦ
ᠡᠷᠬᠢᠮ ᠨᠠᠨᠳᠢᠨ ᠪᠦᠬᠦᠨ ᠢ ᠬᠠᠶᠢᠷᠠᠯᠠᠭᠰᠠᠨ
ᠡᠵᠢ ᠶ᠋ᠢᠨ ᠬᠥᠭᠡᠷᠦᠬᠦᠨ ᠴᠢ ᠯᠡ ᠮᠢᠨᠢ ᠳ᠋ᠸ ᠬᠥ᠋
ᠰᠠᠶᠢᠬᠠᠨ ᠴᠢᠮᠠᠶᠢ ᠪᠠᠨ ᠬᠦᠰᠡᠭᠡᠳ ᠪᠢ
ᠰᠠᠨᠠᠵᠤ ᠶᠠᠪᠤᠬᠤ ᠦᠭᠡᠢ ᠶᠠᠭᠠᠬᠢᠬᠤᠪ ᠳ᠋ᠠ
ᠰᠠᠷᠠᠭᠤᠯ ᠬᠣᠷᠸ᠎ᠠ ᠳ᠋ᠤ ᠰᠠᠷᠠᠨ ᠤ ᠬᠣᠭᠣᠷᠣᠨᠳᠣ
ᠰᠠᠨᠠᠵᠤ ᠵᠡᠭᠦᠳᠦᠯᠡᠭᠦᠯᠬᠦ ᠶ᠋ᠢᠨ ᠤᠴᠢᠷ ᠢ ᠤᠷᠭᠤᠭᠤᠯᠵᠤ
ᠠᠷᠢᠭᠤᠨ ᠰᠠᠶᠢᠬᠠᠨ ᠪᠦᠬᠦᠨ ᠢᠶ᠋ᠡᠨ ᠰᠣᠶᠣᠷᠬᠠᠭᠰᠠᠨ
ᠠᠪᠤ᠋ ᠶ᠋ᠢᠨ ᠬᠠᠶᠢᠷᠠᠲᠠᠢ ᠴᠢ ᠯᠠ ᠮᠢᠨᠢ ᠳ᠋ᠸ ᠬᠥ᠋
ᠰᠠᠶᠢᠬᠠᠨ ᠴᠢᠮᠠᠶᠢ ᠪᠠᠨ ᠬᠦᠰᠡᠭᠡᠳ ᠪᠢ
ᠰᠠᠨᠠᠵᠤ ᠶᠠᠪᠤᠬᠤ ᠦᠭᠡᠢ ᠶᠠᠭᠠᠬᠢᠬᠤᠪ ᠳ᠋ᠠ
ᠠᠭᠤᠳᠠᠮ ᠬᠣᠷᠸ᠎ᠠ ᠳ᠋ᠤ ᠨᠠᠰᠤᠨ ᠤ ᠬᠣᠭᠣᠷᠣᠨᠳᠣ
ᠤᠴᠠᠷᠠᠵᠤ ᠠᠭᠤᠯᠵᠠᠭᠤᠯᠬᠤ ᠶ᠋ᠢᠨ ᠵᠢᠷᠭᠠᠯ ᠢ ᠠᠮᠰᠠᠭᠤᠯᠵᠤ
ᠴᠢᠩ ᠦᠨᠡᠨ ᠡᠴᠡ ᠪᠡᠨ ᠬᠠᠶᠢᠷᠠᠯᠠᠨ ᠬᠠᠨᠢᠯᠠᠭᠰᠠᠨ
ᠴᠢ ᠮᠢᠨᠢ ᠨᠠᠳᠠ ᠳ᠋ᠠᠭᠠᠨ ᠰᠣᠳᠣᠬᠠᠨ ᠳ᠋ᠠ ᠬᠥ᠋
ᠰᠠᠶᠢᠬᠠᠨ ᠴᠢᠮᠠᠶᠢ ᠪᠠᠨ ᠬᠦᠰᠡᠭᠡᠳ ᠪᠢ
ᠰᠠᠨᠠᠵᠤ ᠶᠠᠪᠤᠬᠤ ᠦᠭᠡᠢ ᠶᠠᠭᠠᠬᠢᠬᠤᠪ ᠳ᠋ᠠ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ
ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ