ᠴᠢᠮ᠎ᠠ ᠲᠠᠢ ᠪᠠᠨ ᠪᠠᠶᠢᠪᠠᠯ ᠵᠢᠷᠭᠠᠯᠲᠠᠢ

ᠤᠩᠰᠢᠭᠰᠠᠨ ᠤᠳᠠᠭ᠎ᠠ ᠄ 1263    ᠨᠡᠶᠢᠳᠡᠯᠡᠭᠰᠡᠨ ᠴᠠᠭ ᠄ 2017/2/13 9:57:39

      ᠴᠢᠮ᠎ᠠ ᠲᠠᠢ ᠪᠠᠨ ᠪᠠᠶᠢᠪᠠᠯ ᠵᠢᠷᠭᠠᠯᠲᠠᠢ

                ᠦᠭᠡ᠄ ᠲᠤᠩᠭᠠᠯᠠᠭ

                ᠠᠶ᠎ᠠ᠄ ᠲᠦ‍ · ᠤᠯᠠᠭᠠᠨᠪᠠᠭᠠᠲᠤᠷ

                ᠢᠪᠡᠭᠡᠯ ᠳᠠᠭᠤᠯᠠᠪᠠ

ᠲᠠᠯᠮᠠᠶᠢᠷᠠᠨ ᠠᠷᠠᠯᠠᠭᠰᠠᠨ ᠨᠠᠭᠤᠷ ᠤᠨ ᠢᠶᠡᠨ ᠮᠠᠨᠳᠠᠯ ᠳ᠋ᠤ
ᠳᠣᠮᠣᠭᠲᠤ ᠬᠣᠶᠠᠷ ᠬᠤᠨ ᠴᠢᠨᠢ ᠠᠮᠤᠷ ᠵᠢᠷᠭᠠᠯᠲᠠᠢ
ᠲᠠᠨᠢᠯ ᠪᠦᠬᠦᠨ ᠦ ᠪᠡᠨ ᠳᠤᠮᠳᠠ ᠡᠴᠠ ᠳᠠᠰᠴᠤ ᠤᠴᠠᠷᠠᠭᠰᠠᠨ
ᠲᠠᠪᠢᠯᠠᠩᠲᠤ ᠴᠢᠮ᠎ᠠ ᠲᠠᠢ ᠪᠠᠨ ᠪᠠᠶᠢᠪᠠᠯ ᠪᠢ ᠵᠢᠷᠭᠠᠯᠲᠠᠢ
ᠠ ᠁ ᠪᠢ ᠵᠢᠷᠭᠠᠯᠲᠠᠢ

ᠴᠡᠴᠡᠭᠡᠰ ᠨᠢ ᠮᠦᠰᠢᠶᠡᠭᠰᠡᠨ ᠲᠠᠯ᠎ᠠ ᠶ᠋ᠢᠨ ᠢᠶ᠋ᠡᠨ ᠴᠠᠶᠢᠳᠠᠮ ᠳ᠋ᠤ
ᠴᠢᠩ ᠬᠣᠶᠠᠷ ᠲᠣᠭᠤᠷᠤᠤ ᠴᠢᠨᠢ ᠠᠮᠤᠭᠤᠯᠠᠩ ᠵᠢᠷᠭᠠᠯᠲᠠᠢ
ᠰᠠᠶ᠎ᠠ ᠲᠦᠮᠡᠨ ᠦ ᠪᠡᠨ ᠳᠤᠮᠳᠠ ᠡᠴᠠ ᠳᠤᠷᠠᠯᠠᠵᠤ ᠡᠬᠡᠨᠡᠭᠰᠢᠭᠰᠡᠨ
ᠰᠠᠶᠢᠬᠠᠨ ᠴᠢᠮ᠎ᠠ ᠲᠠᠢ ᠪᠠᠨ ᠪᠠᠶᠢᠪᠠᠯ ᠵᠢᠷᠭᠠᠯᠲᠠᠢ
ᠠ ᠁ ᠪᠢ ᠵᠢᠷᠭᠠᠯᠲᠠᠢ

ᠬᠥᠬᠡᠮᠳᠦᠭ ᠲᠡᠭᠷᠢ ᠶ᠋ᠢᠨ ᠢᠶ᠋ᠡᠨ ᠠᠭᠠᠷ ᠲᠤᠨᠢ ᠠᠯᠤᠰᠤᠷᠠᠬᠤ
ᠬᠥᠬᠡᠷᠦᠬᠦᠨ ᠬᠣᠶᠠᠷ ᠬᠠᠷᠢᠶᠠᠴᠠᠢ ᠴᠢᠨᠢ ᠥᠯᠡᠮᠵᠢ ᠵᠢᠷᠭᠠᠯᠲᠠᠢ
ᠬᠠᠮᠤᠭ ᠣᠯᠠᠨ ᠤ ᠪᠠᠨ ᠳᠤᠮᠳᠠ ᠡᠴᠠ ᠢᠲᠡᠭᠡᠵᠦ ᠬᠠᠶᠢᠷᠠᠯᠠᠭᠰᠠᠨ
ᠬᠠᠶᠢᠷᠠᠲᠤ ᠴᠢᠮ᠎ᠠ ᠲᠠᠢ ᠪᠠᠨ ᠪᠠᠶᠢᠪᠠᠯ ᠪᠢ ᠵᠢᠷᠭᠠᠯᠲᠠᠢ
ᠠ ᠁ ᠪᠢ ᠵᠢᠷᠭᠠᠯᠲᠠᠢ
ᠠ ᠁ ᠪᠢ ᠵᠢᠷᠭᠠᠯᠲᠠᠢ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ