ᠳᠡᠯᠡᠬᠡᠢ ᠪᠡᠨ ᠬᠠᠶᠢᠷᠠᠯᠠ

ᠤᠩᠰᠢᠭᠰᠠᠨ ᠤᠳᠠᠭ᠎ᠠ ᠄ 3540    ᠨᠡᠶᠢᠳᠡᠯᠡᠭᠰᠡᠨ ᠴᠠᠭ ᠄ 2017/2/10 10:41:06

          ᠳᠡᠯᠡᠬᠡᠢ ᠪᠡᠨ ᠬᠠᠶᠢᠷᠠᠯᠠ
                          ᠦᠭᠡ᠄ ᠳᠡᠭᠵᠢᠷᠡᠬᠦ
                          ᠠᠶ᠎ᠠ᠄ ᠦᠵᠡᠭᠳᠡᠯᠠᠠᠭᠤᠯᠠ
                          ᠤᠶᠠᠩᠭ᠎ᠠ᠂ ᠭᠡᠷᠡᠯᠪᠠᠭᠠᠲᠤᠷ᠂ ᠠᠯᠢᠮ᠎ᠠ᠂ ᠲᠡᠮᠦᠷᠬᠣᠶᠠᠭ ᠳᠠᠭᠤᠯᠠᠪᠠ
ᠠᠯᠲᠠᠨ ᠲᠤᠶᠠᠭ᠎ᠠ ᠰᠠᠴᠤᠷᠠᠭᠰᠠᠨ ᠨᠠᠷᠠ ᠪᠠᠨ ᠬᠠᠶᠢᠷᠠᠯᠠ
ᠠᠷᠭᠠᠯ ᠤᠨ ᠤᠲᠤᠭ᠎ᠠ ᠬᠥᠯᠭᠡᠯᠡᠭᠰᠡᠨ ᠭᠡᠷ ᠢᠶ᠋ᠡᠨ ᠬᠠᠶᠢᠷᠠᠯᠠ
ᠠᠶᠢᠷᠠᠭ ᠤᠨ ᠦᠨᠦᠷ ᠴᠣᠷᠭᠢᠭᠰᠠᠨ ᠲᠠᠯ᠎ᠠ ᠪᠠᠨ ᠬᠠᠶᠢᠷᠠᠯᠠ
ᠠᠪᠤ᠋ ᠶ᠋ᠢᠨ ᠬᠠᠶᠢᠷ᠎ᠠ ᠰᠢᠩᠭᠡᠭᠰᠡᠨ ᠪᠠᠶᠢᠭᠠᠯᠢ ᠪᠠᠨ ᠬᠠᠶᠢᠷᠠᠯᠠ
ᠡᠭᠦᠯᠡᠰ ᠦᠨ ᠴᠢᠮᠡᠭᠡ ᠴᠢᠩᠨᠠᠭᠰᠠᠨ ᠠᠭᠤᠯᠠᠰ ᠢᠶᠡᠨ ᠬᠠᠶᠢᠷᠠᠯᠠ
ᠦᠦᠷ ᠦᠨ ᠭᠡᠭᠡ ᠮᠡᠳᠡᠭᠡᠯᠡᠭᠰᠡᠨ ᠰᠢᠪᠠᠭᠤᠳ ᠢᠶᠡᠨ ᠬᠠᠶᠢᠷᠠᠯᠠ
ᠥᠩᠭᠡ ᠶ᠋ᠢᠨ ᠰᠣᠷᠭᠣᠭ ᠢ ᠭᠠᠶᠢᠬᠠᠭᠤᠯᠤᠭᠰᠠᠨ ᠴᠡᠴᠡᠭᠡᠰ ᠢᠶ᠋ᠡᠨ ᠬᠠᠶᠢᠷᠠᠯᠠ
ᠦᠶ᠎ᠡ ᠦᠶ᠎ᠡ ᠠᠮᠢᠳᠤᠷᠠᠭᠰᠠᠨ ᠳᠡᠯᠡᠬᠡᠢ ᠪᠡᠨ ᠬᠠᠶᠢᠷᠠᠯᠠ
      ᠤᠰᠤ ᠪᠤᠯᠠᠭ ᠲᠠᠢ ᠪᠠᠶᠢᠭᠠᠯᠢ ᠪᠠᠨ
      ᠤᠳᠤᠮ ᠳᠠᠮᠵᠢᠨ ᠬᠠᠶᠢᠷᠠᠯᠠᠶ᠎ᠠ
      ᠠᠭᠤᠯᠠ ᠲᠠᠯ᠎ᠠ ᠲᠠᠢ ᠳᠡᠯᠡᠬᠡᠢ ᠪᠡᠨ
      ᠤᠭᠰᠠᠭ᠎ᠠ ᠲᠡᠯᠡᠨ ᠬᠠᠶᠢᠷᠠᠯᠠᠶ᠎ᠠ
ᠪᠣᠳᠣᠯ ᠤᠨ ᠮᠥᠩᠬᠡ ᠰᠢᠲᠦᠭᠡᠨ ᠲᠡᠭᠷᠢ ᠪᠡᠨ ᠬᠠᠶᠢᠷᠠᠯᠠ
ᠪᠤᠭᠤᠷᠤᠯ ᠤᠨ ᠳᠣᠮᠣᠭ ᠬᠦᠦᠷᠨᠢᠭᠰᠡᠨ ᠰᠠᠯᠬᠢ ᠪᠠᠨ ᠬᠠᠶᠢᠷᠠᠯᠠ
ᠪᠤᠷᠬᠠᠳ ᠤᠨ ᠬᠡᠰᠢᠭᠢᠪᠢᠯᠦᠭᠰᠡᠨ ᠭᠣᠣᠯ ᠢᠶᠡᠨ ᠬᠠᠶᠢᠷᠠᠯᠠ
ᠪᠤᠶᠠᠨ ᠵᠢᠷᠭᠠᠯ ᠬᠣᠣᠰᠯᠠᠭᠰᠠᠨ ᠲᠦᠮᠡᠨ ᠢᠶ᠋ᠡᠨ ᠬᠠᠶᠢᠷᠠᠯᠠ
      ᠤᠰᠤ ᠪᠤᠯᠠᠭ ᠲᠠᠢ ᠪᠠᠶᠢᠭᠠᠯᠢ ᠪᠠᠨ
      ᠤᠳᠤᠮ ᠳᠠᠮᠵᠢᠨ ᠬᠠᠶᠢᠷᠠᠯᠠᠶ᠎ᠠ
      ᠠᠭᠤᠯᠠ ᠲᠠᠯ᠎ᠠ ᠲᠠᠢ ᠳᠡᠯᠡᠬᠡᠢ ᠪᠡᠨ
      ᠤᠭᠰᠠᠭ᠎ᠠ ᠲᠡᠯᠡᠨ ᠬᠠᠶᠢᠷᠠᠯᠠᠶ᠎ᠠ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ