ᠠᠵᠠ ᠶ᠋ᠢᠨ ᠬᠣᠷᠸ᠎ᠠ ᠰᠢᠯᠢᠩᠬᠣᠲᠠ

ᠤᠩᠰᠢᠭᠰᠠᠨ ᠤᠳᠠᠭ᠎ᠠ ᠄ 3355    ᠨᠡᠶᠢᠳᠡᠯᠡᠭᠰᠡᠨ ᠴᠠᠭ ᠄ 2017/2/8 10:10:27

        ᠠᠵᠠ ᠶ᠋ᠢᠨ ᠬᠣᠷᠸ᠎ᠠ ᠰᠢᠯᠢᠩᠬᠣᠲᠠ
                 ᠦᠭᠡ ᠄ ᠠ‍ · ᠤᠷᠠᠨᠴᠢᠮᠡᠭ
                 ᠠᠶ᠎ᠠ ᠄ ᠯ · ᠵᠣᠷᠢᠭᠲᠤᠪᠠᠭᠠᠲᠤᠷ
                 ᠪᠤᠶᠠᠨ᠎ᠠ᠂ ᠳᠦᠭᠦᠷᠡᠩᠵᠢᠷᠭᠠᠯ᠂ ᠬᠠᠶᠢᠷ᠎ᠠ᠂ ᠰᠦᠨᠳᠠᠯᠠᠢ ᠳᠠᠭᠤᠯᠠᠪᠠ
ᠨᠠᠷᠠᠨ ᠳ᠋ᠤ ᠵᠢᠷᠭᠠᠬᠤ ᠰᠦᠷᠯᠢᠭ ᠠᠰᠠᠷ ᠤᠳ
ᠦᠢᠯᠡᠰ ᠦᠨ ᠰᠠᠶᠢᠬᠠᠨ ᠢᠶᠡᠨ ᠡᠷᠭᠦᠨ ᠳᠡᠭᠡᠪᠦᠷᠢᠯᠡᠭᠡᠳ
ᠨᠠᠮᠵᠢᠭᠤᠨ ᠠᠶᠠᠯᠠᠬᠤ ᠭᠣᠣᠯ ᠤᠨ ᠮᠠᠨᠳᠤᠯ ᠲᠠᠢ
ᠤᠶᠠᠩᠭ᠎ᠠ ᠬᠠᠮᠰᠠᠨ ᠬᠠᠶᠠᠭ᠎ᠠ ᠪᠠᠨ ᠲᠡᠯᠡᠭᠰᠡᠨ
    ᠠᠵᠠ ᠶ᠋ᠢᠨ ᠬᠣᠷᠸ᠎ᠠ ᠰᠢᠯᠢᠩᠬᠣᠲᠠ ᠮᠢᠨᠢ
    ᠠᠰᠢᠳᠠ ᠶ᠋ᠢᠨ ᠰᠠᠶᠢᠬᠠᠨ ᠵᠠᠯᠠᠭᠤ ᠬᠣᠲᠠ
ᠬᠡᠶᠢᠮᠣᠷᠢ ᠪᠣᠰᠣᠭ᠎ᠠ ᠠᠪᠤ᠋ ᠶ᠋ᠢᠨ ᠣᠯᠠᠨ ᠦᠷᠡᠰ ᠦᠳ
ᠡᠷᠳᠡᠮ ᠦᠨ ᠪᠣᠱᠣᠭ᠎ᠠ ᠪᠠᠷ ᠤᠬᠠᠭᠠᠷᠠᠵᠤ ᠶᠠᠪᠤᠬᠤ ᠳ᠋ᠠᠭᠠᠨ
ᠭᠡᠭᠡᠨ ᠠᠮᠢᠳᠤᠷᠠᠯ ᠤᠨ ᠦᠷ ᠦᠨ ᠲᠤᠶᠠᠭᠠᠨ ᠳ᠋ᠤ
ᠡᠩᠬᠡ ᠶ᠋ᠢᠨ ᠳᠠᠭᠤᠨ ᠲᠠᠢ ᠬᠥᠭ ᠨᠠᠶᠢᠷᠠᠭᠰᠠᠨ
    ᠠᠵᠠ ᠶ᠋ᠢᠨ ᠬᠣᠷᠸ᠎ᠠ ᠰᠢᠯᠢᠩᠬᠣᠲᠠ ᠮᠢᠨᠢ
    ᠠᠰᠢᠳᠠ ᠶ᠋ᠢᠨ ᠰᠠᠶᠢᠬᠠᠨ ᠵᠠᠯᠠᠭᠤ ᠬᠣᠲᠠ
ᠵᠠᠶᠠᠭ᠎ᠠ ᠪᠠᠨ ᠬᠣᠯᠪᠣᠭᠰᠠᠨ ᠳᠠᠷᠬᠠᠨ ᠡᠵᠡᠳ
ᠡᠷᠳᠡᠨᠢᠲᠦ ᠲᠣᠭᠣᠨᠣ ᠪᠠᠨ ᠲᠤᠯᠤᠨ ᠪᠠᠭᠠᠨᠠᠳᠠᠭᠠᠳ
ᠵᠢᠪᠬᠤᠭᠠᠲᠤ ᠬᠥᠯᠥᠭ ᠦᠨ ᠰᠣᠶᠢᠭᠰᠠᠨ ᠡᠩᠨᠡᠭᠡ
ᠢᠷᠡᠭᠡᠳᠦᠢ ᠶ᠋ᠢ ᠤᠭᠲᠤᠨ ᠢᠨᠴᠠᠭᠠᠨ ᠲᠡᠮᠡᠦᠯᠦᠭᠰᠡᠨ
     ᠠᠵᠠ ᠶ᠋ᠢᠨ ᠬᠣᠷᠸ᠎ᠠ ᠰᠢᠯᠢᠩᠬᠣᠲᠠ ᠮᠢᠨᠢ
     ᠠᠰᠢᠳᠠ ᠶ᠋ᠢᠨ ᠰᠠᠶᠢᠬᠠᠨ ᠵᠠᠯᠠᠭᠤ ᠬᠣᠲᠠ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ