ᠬᠠᠶᠢᠷ᠎ᠠ ᠶ᠋ᠢᠨ ᠲᠡᠭᠷᠢ ᠳ᠋ᠸᠪᠠᠵᠠᠨ
ᠦᠭᠡ ᠄ ᠨ · ᠭᠠᠩᠬᠤᠶᠠᠭ
ᠠᠶ᠎ᠠ ᠄ ᠲ · ᠰᠸᠷᠠᠣᠳᠣ
ᠠ · ᠲᠦᠮᠡᠨ᠍ᠥ᠌ᠯᠵᠡᠢ᠂ ᠯ · ᠰᠦᠷᠦᠯᠲᠦ ᠳᠠᠭᠤᠯᠠᠪᠠ
ᠬᠠᠪᠤᠷ ᠤᠨ ᠪᠣᠷᠣᠭ᠎ᠠ ᠶᠠᠮᠠᠷ ᠡᠷᠲᠡ ᠱᠠᠭᠢᠨ᠎ᠠ ᠪᠤᠢ
ᠬᠠᠶᠢᠷ᠎ᠠ ᠶ᠋ᠢᠨ ᠰᠡᠳᠬᠢᠯ ᠶᠠᠮᠠᠷ ᠡᠷᠲᠡ ᠪᠢᠯᠬᠠᠨ᠎ᠠ ᠪᠤᠢ
ᠬᠠᠨᠢ ᠶ᠋ᠢᠨ ᠵᠢᠷᠭᠠᠯ ᠢ ᠶᠠᠭᠠᠬᠢᠭᠰᠠᠨ ᠶᠡᠬᠡ ᠪᠡᠷ ᠬᠦᠰᠡᠨ᠎ᠡ ᠪᠤᠢ
ᠬᠠᠷᠠᠴᠠᠨ ᠤ ᠴᠢᠨᠢ ᠰᠠᠶᠢᠬᠠᠨ ᠳ᠋ᠤ ᠤᠶᠠᠷᠠᠯ᠎ᠠ ᠰᠢᠦ ᠳ᠋ᠠ
ᠬᠠᠶᠢᠷ᠎ᠠ ᠶ᠋ᠢᠨ ᠲᠡᠭᠷᠢ ᠳ᠋ᠸᠪᠠᠵᠠᠨ ᠮᠢᠨᠢ
ᠪᠤᠭᠤᠷᠤᠯ ᠣᠷᠴᠢᠯᠠᠩ ᠢ ᠠᠷᠭᠠᠳᠠᠵᠤ ᠬᠣᠶᠠᠭᠤᠯᠠ ᠪᠠᠨ ᠳᠠᠭᠤᠯᠠᠶ᠎ᠠ ᠳ᠋ᠠ
ᠪᠤᠷᠤᠭᠤ ᠵᠥᠪ ᠢ ᠢᠯᠭᠠᠵᠤ ᠬᠣᠶᠠᠭᠤᠯᠠ ᠪᠠᠨ ᠲᠤᠭᠤᠯᠤᠶ᠎ᠠ ᠳ᠋ᠠ
ᠪᠤᠴᠠᠰᠢ ᠦᠭᠡᠢ ᠬᠠᠶᠢᠷ᠎ᠠ ᠶ᠋ᠢ ᠰᠢᠲᠦᠵᠦ ᠬᠣᠶᠠᠭᠤᠯᠠ ᠪᠠᠨ ᠠᠮᠢᠳᠤᠷᠠᠶ᠎ᠠ ᠳ᠋ᠠ
ᠪᠣᠯᠪᠠᠷᠠᠢ ᠦᠷᠡᠰ ᠢᠶ᠋ᠡᠨ ᠡᠷᠬᠡᠯᠡᠭᠦᠯᠵᠦ ᠵᠢᠷᠭᠠᠶ᠎ᠠ ᠳ᠋ᠠ
ᠬᠠᠶᠢᠷ᠎ᠠ ᠶ᠋ᠢᠨ ᠳᠡᠭᠷᠢ ᠳ᠋ᠸᠪᠠᠵᠠᠨ ᠮᠢᠨᠢ
ᠨᠡᠭᠦᠳᠡᠯ ᠦᠨ ᠰᠢᠪᠠᠭᠤᠳ ᠶᠠᠮᠠᠷ ᠡᠷᠲᠡ ᠵᠡᠯᠡᠯᠡᠨᠡ ᠪᠤᠢ
ᠨᠢᠭᠦᠯ ᠦᠭᠡᠢ ᠬᠠᠶᠢᠷ᠎ᠠ ᠪᠠᠷ ᠶᠠᠮᠠᠷ ᠶᠡᠬᠡ ᠡᠩᠬᠦᠷᠡᠶᠢᠯᠡᠨᠡ ᠪᠤᠢ
ᠨᠦᠮᠵᠦᠭ ᠲᠠᠢ ᠠᠮᠢᠳᠤᠷᠠᠯ ᠳ᠋ᠤ ᠶᠠᠭᠠᠬᠢᠭᠰᠠᠨ ᠶᠡᠬᠡ ᠤᠮᠪᠠᠨ᠎ᠠ ᠪᠤᠢ
ᠨᠢᠳᠦᠨ ᠦ ᠴᠢᠨᠢ ᠰᠠᠶᠢᠬᠠᠨ ᠳ᠋ᠤ ᠳᠠᠰᠤᠯ᠎ᠠ ᠰᠢᠦ ᠳ᠋ᠠ
ᠬᠠᠶᠢᠷ᠎ᠠ ᠶ᠋ᠢᠨ ᠲᠡᠭᠷᠢ ᠳ᠋ᠸᠪᠠᠵᠠᠨ ᠮᠢᠨᠢ
ᠪᠤᠭᠤᠷᠤᠯ ᠣᠷᠴᠢᠯᠠᠩ ᠢ ᠠᠷᠭᠠᠳᠠᠵᠤ ᠬᠣᠶᠠᠭᠤᠯᠠ ᠪᠠᠨ ᠳᠠᠭᠤᠯᠠᠶ᠎ᠠ ᠳ᠋ᠠ
ᠪᠤᠷᠤᠭᠤ ᠵᠥᠪ ᠢ ᠢᠯᠭᠠᠵᠤ ᠬᠣᠶᠠᠭᠤᠯᠠ ᠪᠠᠨ ᠲᠤᠭᠤᠯᠤᠶ᠎ᠠ ᠳ᠋ᠠ
ᠪᠤᠴᠠᠰᠢ ᠦᠭᠡᠢ ᠬᠠᠶᠢᠷ᠎ᠠ ᠶ᠋ᠢ ᠰᠢᠲᠦᠵᠦ ᠬᠣᠶᠠᠭᠤᠯᠠ ᠪᠠᠨ ᠠᠮᠢᠳᠤᠷᠠᠶ᠎ᠠ ᠳ᠋ᠠ
ᠪᠣᠯᠪᠠᠷᠠᠢ ᠦᠷᠡᠰ ᠢᠶ᠋ᠡᠨ ᠡᠷᠬᠡᠯᠡᠭᠦᠯᠵᠦ ᠵᠢᠷᠭᠠᠶ᠎ᠠ ᠳ᠋ᠠ
ᠬᠠᠶᠢᠷ᠎ᠠ ᠶ᠋ᠢᠨ ᠳᠡᠭᠷᠢ ᠳ᠋ᠸᠪᠠᠵᠠᠨ ᠮᠢᠨᠢ
ᠴᠠᠰᠤᠨ ᠬᠢᠯᠠᠮᠠ ᠶᠠᠮᠠᠷ ᠡᠷᠲᠡ ᠬᠠᠶᠠᠯᠠᠨ᠎ᠠ ᠪᠤᠢ
ᠴᠠᠭᠯᠠᠰᠢ ᠦᠭᠡᠢ ᠬᠠᠶᠢᠷ᠎ᠠ ᠪᠠᠷ ᠶᠠᠮᠠᠷ ᠡᠷᠲᠡ ᠢᠪᠢᠯᠦᠨᠠ ᠪᠤᠢ
ᠴᠠᠭ ᠤᠨ ᠤᠷᠲᠤ ᠪᠠᠷ ᠶᠠᠭᠠᠬᠢᠭᠰᠠᠨ ᠶᠡᠬᠡ ᠵᠢᠷᠭᠠᠨ᠎ᠠ ᠪᠤᠢ
ᠴᠢᠷᠠᠢ ᠶ᠋ᠢᠨ ᠴᠢᠨᠢ ᠰᠠᠶᠢᠬᠠᠨ ᠳ᠋ᠤ ᠪᠠᠶᠠᠰᠤᠯ᠎ᠠ ᠰᠢᠦ ᠳ᠋ᠠ
ᠬᠠᠶᠢᠷ᠎ᠠ ᠶ᠋ᠢᠨ ᠲᠡᠭᠷᠢ ᠳ᠋ᠸᠪᠠᠵᠠᠨ ᠮᠢᠨᠢ
ᠪᠤᠭᠤᠷᠤᠯ ᠣᠷᠴᠢᠯᠠᠩ ᠢ ᠠᠷᠭᠠᠳᠠᠵᠤ ᠬᠣᠶᠠᠭᠤᠯᠠ ᠪᠠᠨ ᠳᠠᠭᠤᠯᠠᠶ᠎ᠠ ᠳ᠋ᠠ
ᠪᠤᠷᠤᠭᠤ ᠵᠥᠪ ᠢ ᠢᠯᠭᠠᠵᠤ ᠬᠣᠶᠠᠭᠤᠯᠠ ᠪᠠᠨ ᠲᠤᠭᠤᠯᠤᠶ᠎ᠠ ᠳ᠋ᠠ
ᠪᠤᠴᠠᠰᠢ ᠦᠭᠡᠢ ᠬᠠᠶᠢᠷ᠎ᠠ ᠶ᠋ᠢ ᠰᠢᠲᠦᠵᠦ ᠬᠣᠶᠠᠭᠤᠯᠠ ᠪᠠᠨ ᠠᠮᠢᠳᠤᠷᠠᠶ᠎ᠠ ᠳ᠋ᠠ
ᠪᠣᠯᠪᠠᠷᠠᠢ ᠦᠷᠡᠰ ᠢᠶ᠋ᠡᠨ ᠡᠷᠬᠡᠯᠡᠭᠦᠯᠵᠦ ᠵᠢᠷᠭᠠᠶ᠎ᠠ ᠳ᠋ᠠ
ᠬᠠᠶᠢᠷ᠎ᠠ ᠶ᠋ᠢᠨ ᠳᠡᠭᠷᠢ ᠳ᠋ᠸᠪᠠᠵᠠᠨ ᠮᠢᠨᠢ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ
ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ