ᠡᠬᠢᠯᠡᠯ
ᠣᠷᠠᠯᠢᠭᠴᠢᠨ
ᠲᠠᠭᠤᠤ
ᠬᠥᠭᠵᠢᠮ
ᠴᠣᠮᠣᠭ
ᠸᠢᠳᠢᠣ᠋
ᠮᠡᠳᠡᠭᠡ
ᠡᠬᠢᠯᠡᠯ — ᠣᠷᠠᠯᠢᠭᠴᠢᠨ — ᠵᠢᠮᠢᠰ
ᠵᠢᠮᠢᠰ᠂ ᠳᠤᠮᠳᠠᠳᠤ ᠤᠯᠤᠰ ᠤᠨ ᠮᠣᠷᠢᠨ ᠬᠤᠭᠤᠷ ᠤᠨ ᠨᠡᠶᠢᠭᠡᠮᠯᠢᠭ ᠦᠨ ᠬᠡᠰᠢᠭᠦᠨ᠂ ᠥᠪᠥᠷ ᠮᠣᠩᠭᠣᠯ ᠤᠨ ᠤᠷᠲᠦ ᠶ᠋ᠢᠨ ᠳᠠᠭᠤᠤ ᠶ᠋ᠢᠨ ᠨᠡᠶᠢᠭᠡᠮᠯᠢᠭ ᠦᠨ ᠭᠡᠰᠢᠭᠦᠨ᠂ ᠤᠯᠤᠰ ᠤᠨ ᠭᠤᠷᠪᠠᠳᠤᠭᠠᠷ ᠳᠡᠰ ᠦᠨ ᠲᠣᠭᠯᠠᠭᠴᠢ᠃ ᠮᠥᠨ ᠳᠥᠷᠪᠡᠳ ᠬᠣᠰᠢᠭᠤᠨ ᠤ ᠤᠯᠠᠭᠠᠨᠮᠥ᠋ᠴᠢᠷ ᠤᠨ ᠲᠣᠭᠯᠠᠭᠴᠢ᠂ ᠳᠠᠭᠤᠴᠢᠨ᠂ ᠮᠣᠷᠢᠨ ᠬᠤᠭᠤᠷᠴᠢ᠂ ᠪᠠᠶᠠᠨ ᠬᠤᠭᠤᠷᠴᠢ᠂ ᠳᠠᠭᠤᠨ ᠤ ᠦᠭᠡ ᠠᠶ᠎ᠠ ᠵᠣᠬᠢᠶᠠᠭᠴᠢ᠃ 2000 ᠣᠨ ᠤ 12 ᠰᠠᠷ᠎ᠠ ᠳ᠋ᠥ 《ᠵᠢᠨ ᠶᠤᠸᠠᠨ ᠬᠤᠨᠳᠠᠭᠠᠲᠤ》ᠠᠩᠬᠠᠳᠤᠭᠠᠷ ᠤᠳᠠᠭᠠᠨ ᠤ ᠪᠦᠬᠦ ᠣᠷᠣᠨ ᠤ ᠮᠠᠯᠴᠢᠳ ᠤᠨ ᠳᠠᠭᠤᠤ ᠶ᠋ᠢᠨ ᠲᠧᠯᠸᠢᠰ ᠱᠠᠩᠨᠠᠯᠲᠤ ᠤᠷᠤᠯᠳᠤᠭᠠᠨ ᠤ ᠭᠤᠷᠪᠠᠳᠤᠭᠠᠷ ᠳᠡᠰ ᠦᠨ ᠱᠠᠩᠨᠠᠯ᠂ 2002 ᠣᠨ ᠤ 9 ᠰᠠᠷ᠎ᠠ ᠳ᠋ᠥ ᠰᠢᠯᠵᠢᠮᠡᠯ ᠬᠣᠯᠪᠣᠭ᠎ᠠ ᠬᠤᠨᠳᠠᠭᠠᠲᠤ》ᠪᠦᠬᠦ ᠠᠶᠢᠮᠠᠭ ᠤᠨ ᠲᠧᠯᠸᠢᠰ ᠱᠠᠩᠨᠠᠯᠲᠤ ᠳᠠᠭᠤᠨ ᠤ ᠤᠷᠤᠯᠳᠤᠭᠠᠨ ᠤ ᠭᠤᠷᠪᠠᠳᠤᠭᠠᠷ ᠳᠡᠰ᠂ 2005 ᠣᠨ ᠤ 12ᠰᠠᠷ᠎ᠠ ᠳ᠋ᠥ ᠪᠣᠯᠣᠭᠰᠠᠨ ᠠᠩᠬᠠᠳᠤᠭᠠᠷ ᠤᠳᠠᠭᠠᠨ ᠤ《ᠴᠸᠩ ᠯᠦᠩ ᠨᠡᠭᠦᠷᠡᠰᠦᠨ ᠬᠤᠨᠳᠠᠭᠠᠲᠤ》ᠨᠠᠢᠮᠠᠨ ᠮᠤᠵᠢ ᠣᠷᠣᠨ ᠤ ᠮᠣᠩᠭᠣᠯ ᠳᠠᠭᠤᠨ ᠤ ᠲᠧᠯᠸᠢᠰ ᠱᠠᠩᠨᠠᠯᠲᠤ ᠤᠷᠤᠯᠳᠤᠭᠠᠨ ᠤ ᠰᠢᠯᠢᠳᠡᠭ ᠳᠡᠰ ᠵᠡᠷᠭᠡ ᠣᠯᠠᠨ ᠰᠠᠶᠢᠬᠠᠨ ᠱᠠᠩᠨᠠᠯ ᠬᠥᠬᠢᠭᠦᠯᠦᠯ ᠢ ᠬᠦᠷᠲᠡᠵᠡᠢ᠃ 2018 ᠣᠨ ᠳ᠋ᠥ ᠠᠶ᠎ᠠ ᠳᠠᠭᠤᠤ ᠶ᠋ᠢᠨCD ᠴᠣᠮᠣᠭ ᠪᠣᠯᠣᠨ ᠬᠤᠪᠢ ᠬᠥᠮᠥᠨ ᠤ ᠳᠠᠭᠤᠤ ᠬᠥᠭᠵᠢᠮ ᠦᠨ ᠪᠦᠲᠦᠭᠡᠯ ᠦᠨ ᠲᠣᠭᠯᠠᠯᠲᠠ ᠬᠢᠬᠦ ᠪᠡᠷ ᠪᠠᠶᠢᠨ᠎ᠠ᠃