ᠡᠬᠢᠯᠡᠯ  —   ᠣᠷᠠᠯᠢᠭᠴᠢᠨ   —   ᠰ · ᠠᠯᠲᠠᠨ᠍ᠠ᠋ᠭᠤᠯᠠ

ᠰ · ᠠᠯᠲᠠᠨ᠍ᠠ᠋ᠭᠤᠯᠠ ᠬᠠᠳᠠᠭᠠᠯᠠᠬᠤ ᠲᠠᠭᠤᠤ᠄ 11 ᠴᠣᠮᠣᠭ᠄ 0 ᠲᠠᠶᠢᠯᠪᠣᠷᠢ᠄ ᠡᠷᠡᠭᠲᠡᠢ ᠳᠠᠭᠤᠴᠢᠨ ᠣᠩᠰᠢᠭᠰᠠᠨ ᠤᠳᠠᠭ᠎ᠠ᠄ 1639

ᠣᠷᠠᠯᠢᠭᠴᠢᠨ ‍ᠣ ᠨᠠᠮᠳᠠᠷ

       ᠰ · ᠠᠯᠲᠠᠨ᠍ᠠ᠋ᠭᠤᠯᠠ ᠂  ᠡᠷᠡᠭᠲᠡᠢ ᠂ ᠮᠣᠩᠭᠣᠯ ᠦᠨᠳᠦᠰᠦᠲᠡᠨ ᠂ ᠠᠯᠠᠱᠠ ᠵᠡᠭᠦᠨ ᠬᠣᠰᠢᠭᠣᠨ ᠤ ᠪᠡᠯ ᠰᠣᠮᠣᠨ ᠤ ᠬᠥᠪᠡᠭᠡ ᠨᠠᠮᠤᠭ ᠲᠤ ᠨᠤᠲᠤᠭ ᠲᠠᠢ᠃ 1985 ᠣᠨ ᠳ᠋ᠥ ᠠᠯᠠᠱᠠ ᠠᠶᠢᠮᠠᠭ ᠤᠨ ᠦᠨᠳᠦᠰᠦᠲᠡᠨ ᠤ ᠳᠠᠭᠤᠤ ᠪᠥᠵᠢᠭ ᠦᠨ ᠪᠦᠯᠬᠦᠮ ᠳ᠋ᠥ ᠰᠢᠯᠭᠠᠨ ᠣᠷᠣᠵᠤ ᠂ ᠠᠩᠬᠠᠨ ᠤ ᠠᠵᠢᠯ ᠤᠨ ᠭᠠᠷᠤᠭ᠎ᠠ ᠪᠠᠨ ᠠᠪᠤᠭᠰᠠᠨ ᠪᠦᠭᠡᠳ ᠣᠳᠣ ᠪᠣᠯᠲᠠᠯ᠎ᠠ ᠲᠡᠨᠳᠡ ᠪᠡᠨ ᠠᠵᠢᠯᠯᠠᠭᠰᠠᠭᠠᠷ ᠪᠠᠶᠢᠭ᠎ᠠ ᠶᠤᠮ ᠃ ᠲᠡᠷᠡᠴᠢᠯᠡᠨ ᠠᠯᠠᠱᠠ ᠠᠶᠢᠮᠠᠭ ᠤᠨ ᠬᠥᠭᠡᠮᠠᠢ ᠂ ᠲᠣᠪᠰᠢᠭᠤᠷ ᠤᠨ ᠨᠡᠶᠢᠭᠡᠮᠯᠢᠭ ᠦᠨ ᠳᠡᠳ᠋ ᠲᠡᠷᠢᠭᠦᠯᠡᠭᠴᠢ ᠂ ᠠᠶᠢᠮᠠᠭ ᠤᠨ ᠳᠡᠰ ᠦᠨ ᠪᠤᠳᠠᠰ ᠤᠨ ᠪᠤᠰᠤ ᠰᠣᠶᠣᠯ ᠤᠨ ᠥᠪ ᠦᠨ ᠤᠯᠠᠮᠵᠢᠯᠠᠭᠴᠢ ᠶ᠋ᠢᠨ ᠡᠭᠦᠷᠭᠡ ᠲᠤᠰᠢᠶᠠᠯ ᠢ ᠬᠠᠷᠢᠭᠤᠴᠠᠵᠤ ᠪᠣᠢ ᠃ ᠣᠯᠠᠨ ᠵᠢᠯ ᠦᠨ ᠲᠤᠷᠰᠢ ᠰᠢᠷᠭᠠᠭᠤ ᠠᠵᠢᠯᠯᠠᠬᠤ ᠶ᠋ᠢᠨ ᠳᠠᠭᠠᠤ ᠲᠣᠪᠰᠢᠭᠤᠷ ᠂ ᠮᠣᠳᠣᠨ ᠴᠤᠭᠤᠷ ᠂ ᠬᠥᠭᠡᠮᠠᠢ ᠶ᠋ᠢᠨ ᠮᠡᠷᠭᠡᠵᠢᠯ ᠳᠡᠭᠡᠭᠰᠢᠯᠡᠭᠦᠯᠬᠦ ᠪᠣᠯᠪᠠᠰᠤᠷᠠᠯ ᠤᠨ  ᠠᠩᠭᠢ ᠶ᠋ᠢ ᠡᠷᠬᠢᠯᠡᠭᠰᠡᠭᠡᠷ ᠢᠷᠡᠵᠡᠢ᠃ 1998 ᠣᠨ ᠳ᠋ᠥ ᠦᠪᠦᠷ ᠮᠣᠩᠭᠣᠯ ᠤᠨ 《 ᠬᠥᠬᠡᠬᠤᠲᠠ ᠶᠡᠬᠡ ᠰᠤᠷᠭᠠᠭᠤᠯᠢ 》 ᠶ᠋ᠢᠨ ᠬᠥᠭᠵᠢᠮ ᠦᠨ ᠰᠠᠯᠪᠤᠷᠢ ᠡᠴᠠ ᠲᠡᠭᠦᠰᠴᠦ ᠂ 2001 ᠣᠨ ᠳ᠋ᠥ ᠦᠪᠦᠷ ᠮᠣᠩᠭᠣᠯ ᠤᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠬᠥᠭᠵᠢᠮ ᠦᠨ ᠰᠠᠯᠪᠤᠷᠢ ᠡᠴᠠ ᠲᠡᠭᠦᠰᠴᠦ ᠂ 2004 ᠣᠨ ᠳ᠋ᠥ ᠮᠣᠩᠭᠣᠯ ᠤᠯᠤᠰ ᠤᠨ ᠰᠣᠶᠣᠯ ᠤᠷᠠᠯᠢᠭ ᠤᠨ ᠶᠡᠬᠡ ᠰᠤᠷᠭᠠᠭᠤᠯᠢ ᠳ᠋ᠥ ᠣᠳᠣᠨᠰᠦ᠋ᠷᠦᠩ ᠪᠠᠭᠰᠢ ᠡᠴᠠ ᠬᠥᠭᠡᠮᠡᠢ ᠶ᠋ᠢᠨ ᠮᠡᠷᠭᠡᠵᠢᠯ ᠰᠣᠷᠣᠭᠰᠠᠨ ᠪᠥᠭᠡᠳ 2005 ᠣᠨ ᠳ᠋ᠥ ᠰᠢᠨᠵᠢᠶᠠᠩ ᠤᠨ ᠬᠠᠷᠠᠠᠤᠰᠤ ᠶ᠋ᠢᠨ ᠠᠷᠠᠳ ᠤᠨ ᠤᠷᠠᠯᠢᠭᠴᠢᠨ ᠶᠸᠷᠳᠠᠰᠢ ᠡᠴᠠ ᠮᠣᠳᠣᠨ ᠴᠤᠭᠤᠷ ᠤᠨ ᠮᠡᠷᠭᠡᠵᠢᠯ ᠰᠤᠷᠴᠠᠢ ᠃ ᠢᠩᠭᠢᠵᠦ ᠣᠯᠠᠨ ᠵᠢᠯ ᠮᠡᠷᠭᠡᠵᠢᠯ ᠳᠡᠭᠡᠭᠰᠢᠯᠡᠭᠦᠯᠦᠨ ᠮᠡᠷᠡᠶᠢᠨ ᠴᠢᠷᠮᠠᠶᠢᠵᠤ ᠶᠠᠪᠤᠭᠰᠠᠨ ᠢᠶᠠᠷ ᠣᠯᠠᠨ ᠣᠯᠠᠨ ᠱᠠᠩᠨᠠᠯ ᠬᠥᠬᠢᠭᠦᠯᠦᠯ ᠭᠠᠷᠳᠠᠨ ᠬᠡᠶᠢᠮᠣᠷᠢ ᠰᠠᠶᠢᠲᠠᠢ ᠭᠠᠨᠵᠤᠭ᠎ᠠ ᠳᠦᠭᠦᠷᠡᠩ ᠶᠠᠪᠤᠭ᠎ᠠ ᠶᠤᠮ᠃ ᠲᠡᠷᠡᠪᠡᠷ᠂ 2007 ᠣᠨ ᠤ 5 ᠰᠠᠷ᠎ᠠ ᠳ᠋ᠥ ᠹᠷᠠᠨᠼᠢ ᠶ᠋ᠢᠨ ᠲᠦ ᠡᠯ ᠳ᠋ᠥ ᠶᠠᠪᠤᠭᠳᠠᠭᠰᠠᠨ 36 ᠳ᠋ᠤᠭᠠᠷ ᠬᠤᠭᠤᠴᠠᠭᠠᠨ ᠤ ᠳᠡᠯᠡᠬᠡᠢ ᠶ᠋ᠢᠨ ᠨᠠᠶᠢᠷᠠᠯ ᠳᠠᠭᠤᠤ ᠶ᠋ᠢᠨ ᠤᠷᠤᠯᠳᠤᠭᠠᠨ ᠳ᠋ᠥ ᠂ ᠦᠪᠦᠷ ᠮᠣᠩᠭᠣᠯ ᠤᠨ ᠷᠠᠳᠢᠣ᠋ ᠲᠧᠯᠸᠢᠰ ᠤᠷᠠᠯᠢᠭ ᠤᠨ  ᠪᠦᠯᠬᠦᠮ ᠦᠨ ᠬᠡᠰᠢᠭᠦᠨ ᠤ ᠬᠤᠪᠢ ᠪᠠᠷ ᠬᠣᠯᠢᠮᠠᠭ ᠨᠠᠶᠢᠷᠠᠯ ᠳᠠᠭᠤᠤ ᠶ᠋ᠢᠨ  ᠮᠥᠩᠭᠥᠨ ᠮᠸᠲᠠᠯ᠂ ᠴᠢᠯᠦᠭᠡᠲᠦ ᠮᠠᠶᠢᠭ ᠤᠨ ᠳᠠᠭᠤᠯᠠᠬᠤ ᠠᠷᠭ᠎ᠠ ᠶ᠋ᠢᠨ ᠮᠥᠩᠭᠥᠨ ᠮᠸᠲᠠᠯ ᠂ ᠨᠠᠶᠢᠷᠠᠯ ᠳᠠᠭᠤᠤ ᠶ᠋ᠢᠨ ᠤᠷᠤᠯᠳᠤᠭᠠᠨ ᠤ ᠠᠩᠬ᠎ᠠ ᠤᠳᠠᠭ᠎ᠠ ᠪᠠᠶᠢᠭᠤᠯᠤᠭᠰᠠᠨ ᠤᠯᠠᠮᠵᠢᠯᠠᠯᠲᠤ ᠳᠠᠭᠤᠤ ᠬᠥᠭᠵᠢᠮ ᠦᠨ ᠲᠣᠮᠣ ᠱᠠᠩ ᠢ ᠬᠦᠷᠲᠡᠵᠡᠢ ᠃ 2008 ᠣᠨ ᠤ 12 ᠰᠠᠷ᠎ᠠ ᠳ᠋ᠥ ᠬᠦᠬᠡᠬᠤᠲᠠ ᠳ᠋ᠥ ᠶᠠᠪᠤᠭᠳᠠᠭᠰᠠᠨ 《ᠠᠮᠢᠨ ᠰᠢᠷᠭ᠎ᠠ ᠬᠤᠨᠳᠠᠭᠠᠲᠤ 》  ᠨᠠᠢᠮᠠᠨ ᠮᠤᠵᠢ ᠣᠷᠣᠨ ᠤ ᠢᠵᠠᠭᠤᠷ ᠠᠷᠠᠳ ᠤᠨ ᠳᠠᠭᠤᠤ ᠶ᠋ᠢᠨ ᠤᠷᠤᠯᠳᠤᠭᠠᠨ ᠳ᠋ᠥ ᠭᠠᠪᠢᠶᠠᠲᠤ ᠴᠤᠭᠤᠷᠴᠢᠨ ᠂ ᠬᠥᠭᠡᠮᠠᠶᠢᠴᠢᠨ ᠬᠡᠮᠡᠬᠦ ᠢᠷᠠᠭᠤ ᠠᠯᠳᠠᠷ ᠬᠦᠷᠲᠡᠵᠡᠢ᠃ 2009 ᠣᠨ ᠤ 1 ᠰᠠᠷ᠎ᠠ ᠳ᠋ᠥ ᠨᠠᠢᠮᠠᠨ ᠮᠤᠵᠢ ᠣᠷᠣᠨ ᠤ ᠠᠩᠬᠠᠳᠤᠭᠠᠷ ᠬᠤᠭᠤᠴᠠᠭᠠᠨ ᠤ 《 ᠠᠮᠢᠨ ᠰᠢᠷᠭ᠎ᠠ ᠬᠤᠨᠳᠠᠭᠠᠲᠤ 》 ᠢᠵᠠᠭᠤᠷ ᠠᠷᠠᠳ ᠤᠨ ᠳᠠᠭᠤᠤ ᠶ᠋ᠢᠨ ᠤᠷᠤᠯᠳᠤᠭᠠᠨ ᠳ᠋ᠥ 《 ᠭᠠᠪᠢᠶᠠᠲᠤ ᠳᠠᠭᠤᠴᠢᠨ 》 ᠭᠡᠰᠡᠨ ᠱᠠᠩᠨᠠᠯ ᠭᠠᠷᠳᠠᠵᠤ ᠡᠩᠭᠡᠷ ᠢᠶ᠋ᠡᠨ ᠮᠢᠯᠢᠶᠠᠯᠭᠠᠵᠠᠢ᠃ 2009 ᠣᠨ ᠤ 5 ᠰᠠᠷ᠎ᠠ ᠳ᠋ᠥ ᠦᠪᠦᠷ ᠮᠣᠩᠭᠣᠯ ᠤᠨ ᠶᠡᠬᠡ ᠰᠤᠷᠭᠠᠭᠤᠯᠢ ᠶ᠋ᠢᠨ ᠤᠷᠠᠯᠢᠭ ᠤᠨ ᠳᠡᠭᠡᠳᠦ ᠰᠤᠷᠭᠠᠭᠤᠯᠢ ᠶ᠋ᠢᠨ ᠤᠷᠠᠯᠢᠭ ᠤᠨ ᠳᠡᠭᠡᠳᠦ ᠰᠤᠷᠭᠠᠭᠤᠯᠢ ᠶ᠋ᠢᠨ ᠬᠠᠶᠢᠷᠠᠭᠤᠴᠠᠢ ᠬᠠᠮᠲᠦ ᠶ᠋ᠢᠨ ᠳᠠᠭᠤᠤ ᠶ᠋ᠢᠨ  ᠪᠦᠯᠬᠦᠮ ᠦᠨ ᠤᠷᠢᠯᠭ᠎ᠠ ᠪᠠᠷ ᠪᠡᠭᠡᠵᠢᠩ ᠳ᠋ᠥ ᠪᠣᠯᠣᠭᠰᠠᠨ 《 ᠳᠤᠮᠳᠠᠳᠤ ᠤᠯᠤᠰ ᠤᠨ ᠶᠢᠰᠦᠳᠦᠭᠡᠷ ᠬᠤᠭᠤᠴᠠᠭᠠᠨ ᠤ ᠳᠡᠯᠡᠬᠡᠢ ᠶ᠋ᠢᠨ ᠬᠠᠮᠲᠦ ᠶ᠋ᠢᠨ ᠳᠠᠭᠤᠤ ᠶ᠋ᠢᠨ ᠨᠠᠭᠠᠳᠤᠮ 》 ᠢᠶᠠᠷ ᠬᠠᠮᠲᠦ ᠶ᠋ᠢᠨ ᠳᠠᠭᠤᠤ ᠶ᠋ᠢᠨ ᠪᠦᠯᠬᠦᠮ ᠲᠠᠢ ᠬᠠᠮᠲᠦ ᠨᠠᠰᠤᠨ ᠳ᠋ᠥ  ᠬᠦᠷᠦᠭᠰᠡᠳ ᠦᠨ  ᠳᠤᠭᠤᠶᠢᠯᠠᠩ ᠤᠨ ᠠᠯᠲᠠᠨ ᠮᠸᠲᠠᠯ ᠭᠠᠷᠳᠠᠵᠠᠢ᠃ 2009 ᠣᠨ ᠤ 7 ᠰᠠᠷ᠎ᠠ ᠳ᠋ᠥ ᠭᠤᠸᠠᠩᠳᠦ᠋ᠩ ᠤᠨ ᠲᠤᠷᠰᠢᠯᠲᠡ ᠶ᠋ᠢᠨ ᠳᠤᠮᠳᠠᠲᠦ ᠰᠤᠷᠭᠠᠭᠤᠯᠢ ᠶ᠋ᠢᠨ ᠬᠠᠮᠲᠦ ᠶ᠋ᠢᠨ ᠳᠠᠭᠤᠤ ᠶ᠋ᠢᠨ ᠪᠦᠯᠬᠦᠮ ᠦᠨ  ᠤᠷᠢᠯᠭ᠎ᠠ ᠪᠠᠷ  ᠺᠣᠷᠢᠶᠠ ᠤᠯᠤᠰ ᠤᠨ ᠹᠥᠱᠠᠨ ᠬᠣᠲᠠᠨ ᠳ᠋ᠥ ᠬᠦᠷᠴᠦ ᠂ ᠠᠩᠬᠠᠳᠤᠭᠠᠷ ᠤᠳᠠᠭᠠᠨ ᠤ ᠳᠡᠯᠡᠬᠡᠢ ᠶ᠋ᠢᠨ ᠣᠯᠢᠮᠫᠢᠺ ᠤᠨ ᠬᠠᠮᠲᠦ ᠶ᠋ᠢᠨ ᠳᠠᠭᠤᠤ ᠶ᠋ᠢᠨ ᠱᠠᠩᠨᠠᠯᠲᠤ ᠤᠷᠤᠯᠳᠤᠭᠠᠨ ᠳ᠋ᠥ ᠣᠷᠣᠯᠴᠠᠨ ᠱᠠᠰᠢᠨ  ᠰᠤᠷᠲᠠᠬᠤᠨ ᠤ ᠳᠤᠭᠤᠶᠢᠯᠠᠩ ᠤᠨ ᠠᠯᠲᠠᠨ ᠮᠸᠳᠠᠯ ᠲᠣᠰᠴᠠᠢ ᠃ 2009 ᠣᠨ ᠤ 9 ᠰᠠᠷ᠎ᠠ ᠳ᠋ᠥ ᠪᠦᠬᠦ ᠠᠶᠢᠮᠠᠭ ᠤᠨ ᠦᠨᠳᠦᠰᠦᠲᠡᠨ  ᠤ ᠰᠣᠶᠣᠯ ᠢᠶᠡᠨ ᠬᠥᠭᠵᠢᠭᠦᠯᠵᠦ ᠂ ᠦᠨᠳᠦᠰᠦᠲᠡᠨ ᠤ ᠪᠦᠯᠬᠦᠮᠳᠡᠯ ᠢ ᠠᠬᠢᠭᠤᠯᠤᠭᠰᠠᠨ ᠲᠡᠷᠢᠭᠦᠨ ᠤ  ᠬᠤᠪᠢ  ᠬᠥᠮᠥᠨ ᠢᠶ᠋ᠡᠷ ᠬᠥᠬᠢᠭᠦᠯᠦᠭᠳᠡᠵᠡᠢ᠃ 2009 ᠣᠨ  ᠤ 9 ᠰᠠᠷ᠎ᠠ ᠳ᠋ᠥ ᠪᠦᠬᠦ ᠠᠶᠢᠮᠠᠭ ᠤᠨ ᠳᠣᠯᠣᠳᠤᠭᠠᠷ ᠬᠤᠭᠤᠴᠠᠭᠠᠨ ᠤ ᠲᠤᠰᠬᠠᠢ ᠮᠡᠷᠭᠡᠵᠢᠯ ᠦᠨ ᠰᠣᠶᠣᠯ ᠤᠷᠠᠯᠢᠭ ᠤᠨ ᠲᠠᠶᠢᠯᠤᠨ ᠲᠣᠭᠯᠠᠯᠲᠠ ᠳ᠋ᠥ  ᠬᠥᠭᠡᠮᠠᠢ 《ᠲᠡᠦᠬᠡᠨ ᠬᠠᠭᠤᠳᠠᠰᠤ 》 ᠪᠠᠷ ᠢᠶᠡᠨ ᠲᠣᠭᠯᠠᠯᠲᠠ ᠶ᠋ᠢᠨ ᠱᠠᠩᠨᠠᠯ ᠲᠣᠰᠴᠠᠢ᠃ 2009 ᠣᠨ ᠤ 10 ᠰᠠᠷ᠎ᠠ ᠳ᠋ᠥ ᠶᠢᠰᠦᠳᠦᠭᠡᠷ ᠬᠤᠭᠤᠴᠠᠭᠠᠨ ᠤ ᠪᠦᠬᠦ ᠴᠡᠷᠢᠭ ᠦᠨ ᠰᠣᠶᠣᠯ ᠤᠷᠠᠯᠢᠭ ᠤᠨ ᠲᠠᠶᠢᠯᠤᠨ ᠲᠣᠭᠯᠠᠯᠲᠠ ᠳ᠋ᠥ ᠣᠷᠣᠯᠴᠠᠭᠠᠳ ᠳᠠᠭᠤᠯᠠᠬᠤᠢ ᠶ᠋ᠢᠨ ᠮᠡᠷᠭᠡᠵᠢᠯ ᠦᠨ ᠬᠤᠪᠢ ᠬᠥᠮᠥᠨ ᠤ ᠲᠣᠭᠯᠠᠯᠲᠠ ᠶ᠋ᠢᠨ ᠬᠣᠶᠠᠳᠤᠭᠠᠷ ᠳᠡᠰ ᠦᠨ ᠱᠠᠩᠨᠠᠯ ᠬᠦᠷᠲᠡᠵᠡᠢ᠃ 2009 ᠣᠨ ᠤ 12 ᠰᠠᠷ᠎ᠠ ᠳ᠋ᠥ ᠠᠯᠠᠱᠠ ᠠᠶᠢᠮᠠᠭ ᠤᠨ ᠦᠨᠳᠦᠰᠦᠲᠡᠨ ᠤ ᠳᠠᠭᠤᠤ ᠪᠥᠵᠢᠭ ᠦᠨ ᠪᠦᠯᠬᠦᠮ ᠦᠨ ᠰᠢᠯᠢᠳᠡᠭ ᠠᠵᠢᠯᠲᠠᠨ ᠢᠶᠠᠷ ᠬᠥᠬᠢᠭᠦᠯᠦᠭᠳᠡᠵᠡᠢ᠃ 2009 ᠣᠨ ᠤ 6 ᠰᠠᠷ᠎ᠠ ᠳ᠋ᠥ ᠦᠪᠦᠷ ᠮᠣᠩᠭᠣᠯ ᠤᠨ ᠥᠪᠡᠷᠲᠡᠭᠡᠨ ᠵᠠᠰᠠᠬᠤ ᠣᠷᠣᠨ  ᠤ ᠠᠩᠬᠠᠳᠤᠭᠠᠷ ᠤᠳᠠᠭᠠᠨ ᠤ 《ᠳᠣᠷᠣᠨ᠎ᠠ 》ᠬᠤᠨᠳᠠᠭᠠᠲᠤ ᠬᠥᠭᠡᠮᠠᠢ ᠶ᠋ᠢᠨ ᠲᠧᠯᠸᠢᠰ ᠱᠠᠩᠨᠠᠯᠲᠤ ᠤᠷᠤᠯᠳᠤᠭᠠᠨ ᠳ᠋ᠥ ᠬᠣᠶᠠᠳᠤᠭᠠᠷ ᠳᠡᠰ ᠦᠨ ᠱᠠᠩᠨᠠᠯ ᠬᠦᠷᠲᠡᠵᠡᠢ᠃ 2010 ᠣᠨ ᠤ 12 ᠰᠠᠷ᠎ᠠ ᠳ᠋ᠥ ᠥᠪᠡᠷ ᠦᠨ ᠬᠥᠭᠡᠮᠠᠢ ᠶ᠋ᠢᠨ ᠤᠷᠠᠨ ᠪᠦᠲᠦᠭᠡᠯ 《ᠬᠤᠷᠮᠤᠰᠲᠠ ᠶ᠋ᠢᠨ ᠵᠠᠶᠠᠭ᠎ᠠ 》 ᠪᠠᠷ ᠢᠶᠡᠨ  ᠪᠦᠬᠦ ᠠᠶᠢᠮᠠᠭ ᠤᠨ ᠠᠩᠬᠠᠳᠤᠭᠠᠷ ᠤᠳᠠᠭᠠᠨ ᠤ ᠰᠢᠯᠢᠳᠡᠭ ᠤᠷᠠᠨ ᠪᠦᠲᠦᠭᠡᠯ ᠦᠨ ᠱᠠᠩᠨᠠᠯ ᠬᠦᠷᠲᠡᠵᠡᠢ᠃ 2010 ᠣᠨ ᠳ᠋ᠥ ᠱᠠᠩᠬᠠᠢ ᠶ᠋ᠢᠨ ᠳᠡᠯᠡᠬᠡᠢ ᠶ᠋ᠢᠨ ᠦᠵᠡᠰᠬᠦᠯᠡᠩ ᠦᠨ  ᠬᠤᠷᠠᠯ ᠳ᠋ᠥ ᠣᠷᠣᠯᠴᠠᠭᠰᠠᠨ ᠦᠪᠦᠷ ᠮᠣᠩᠭᠣᠯ ᠤᠨ ᠲᠡᠷᠢᠭᠦᠨ ᠤ ᠬᠤᠪᠢ ᠬᠥᠮᠥᠨ ᠢᠶ᠋ᠡᠷ ᠬᠥᠬᠢᠭᠦᠯᠦᠭᠳᠡᠵᠡᠢ᠃ 2012 ᠣᠨ ᠳ᠋ᠥ ᠭᠤᠸᠠᠩᠳᠦ᠋ᠩ ᠤᠨ ᠲᠤᠷᠰᠢᠯᠲᠡ ᠶ᠋ᠢᠨ  ᠳᠤᠮᠳᠠᠳᠦ ᠰᠤᠷᠭᠠᠭᠤᠯᠢ ᠶ᠋ᠢᠨ ᠨᠠᠶᠢᠷᠠᠯ ᠳᠠᠭᠤᠤ ᠶ᠋ᠢᠨ ᠪᠦᠯᠬᠦᠮ ᠦᠨ ᠤᠷᠢᠯᠭ᠎ᠠ ᠪᠠᠷ ᠠᠮᠧᠷᠢᠺᠠ ᠤᠯᠤᠰ ᠤᠨ ᠰᠢ ᠰᠢ ᠲᠢ ᠨᠠ  ᠬᠣᠲᠠᠨ ᠳ᠋ᠥ ᠶᠠᠪᠤᠭᠳᠠᠭᠰᠠᠨ ᠨᠠᠢᠮᠠᠳᠤᠭᠠᠷ ᠬᠤᠭᠤᠴᠠᠭᠠᠨ ᠤ ᠳᠡᠯᠡᠬᠡᠢ ᠶ᠋ᠢᠨ ᠨᠠᠶᠢᠷᠠᠯ ᠳᠠᠭᠤᠤ ᠶ᠋ᠢᠨ ᠤᠷᠤᠯᠳᠤᠭᠠᠨ ᠳ᠋ᠥ  ᠱᠠᠰᠢᠨ ᠰᠤᠷᠲᠠᠬᠤᠨ ᠤ ᠨᠠᠶᠢᠷᠠᠯ ᠳᠠᠭᠤᠤ ᠶ᠋ᠢᠨ ᠠᠯᠲᠠᠨ ᠮᠸᠳᠠᠯ᠂ ᠵᠠᠯᠠᠭᠤ ᠪᠠᠭᠠᠴᠤᠳ ᠤᠨ  ᠬᠣᠯᠢᠮᠠᠭ  ᠨᠠᠶᠢᠷᠠᠯ ᠳᠠᠭᠤᠤ ᠶ᠋ᠢᠨ ᠮᠥᠩᠭᠥᠨ  ᠮᠸᠳᠠᠯ ᠲᠣᠰᠪᠠ᠃ 2013 ᠣᠨ ᠳ᠋ᠥ ᠭᠤᠸᠠᠩᠳᠦ᠋ᠩ ᠤᠨ ᠲᠤᠷᠰᠢᠯᠲᠡ ᠶ᠋ᠢᠨ  ᠳᠤᠮᠳᠠᠳᠦ ᠰᠤᠷᠭᠠᠭᠤᠯᠢ ᠶ᠋ᠢᠨ ᠨᠠᠶᠢᠷᠠᠯ ᠳᠠᠭᠤᠤ ᠶ᠋ᠢᠨ ᠪᠦᠯᠬᠦᠮ ᠦᠨ ᠤᠷᠢᠯᠭ᠎ᠠ ᠪᠠᠷ ᠶᠠᠫᠤᠨ ᠤᠯᠤᠰ ᠤᠨ ᠪᠤᠣ ᠵᠦᠩ ᠲᠣ  ᠬᠣᠷᠢ ᠶᠢᠰᠦᠳᠦᠭᠡᠷ  ᠬᠤᠭᠤᠴᠠᠭᠠᠨ ᠤ ᠳᠡᠯᠡᠬᠡᠢ ᠶ᠋ᠢᠨ ᠨᠠᠶᠢᠷᠠᠯ ᠳᠠᠭᠤᠤ ᠶ᠋ᠢᠨ ᠤᠷᠤᠯᠳᠤᠭᠠᠨ ᠳ᠋ᠥ ᠬᠣᠯᠢᠮᠠᠭ ᠨᠠᠶᠢᠷᠠᠯ ᠳᠠᠭᠤᠤ ᠶ᠋ᠢᠨ ᠠᠯᠲᠠᠨ ᠮᠸᠲᠠᠯ ᠭᠠᠷᠳᠠᠵᠠᠢ᠃ 2015 ᠣᠨ᠂ 2016 ᠣᠨ ᠤ ᠪᠦᠬᠦ ᠣᠷᠣᠨ ᠤ ᠰᠢᠯᠢᠳᠡᠭ ᠵᠦᠴᠦᠭᠡ ᠪᠡᠷ ᠬᠥᠬᠢᠭᠦᠯᠦᠭᠳᠡᠭᠰᠡᠨ ᠮᠣᠩᠭᠣᠯ ᠵᠦᠴᠦᠭᠡ 《ᠰᠠᠪᠠᠷᠳᠠᠩ ᠵᠠᠶᠠᠭ᠎ᠠ 》ᠳ᠋ᠥ ᠬᠠᠳᠠᠨ ᠢ ᠲᠣᠭᠯᠠᠭᠰᠠᠨ ᠢᠶᠠᠷ᠂ ᠲᠣᠭᠯᠠᠭᠴᠢ ᠶ᠋ᠢᠨ ᠱᠠᠩᠨᠠᠯ  ᠲᠣᠰᠪᠠ ᠃ 2016 ᠣᠨ  ᠤ 3 ᠰᠠᠷ᠎ᠠ ᠡᠴᠠ ᠲᠠᠪᠤᠨ ᠰᠠᠷ᠎ᠠ ᠬᠦᠷᠲᠡᠯ᠎ᠡ ᠦᠪᠦᠷ  ᠮᠣᠩᠭᠣᠯ ᠤᠨ ᠤᠷᠠᠯᠢᠭ ᠰᠣᠳᠣᠯᠠᠬᠤ ᠭᠠᠵᠠᠷ ᠤᠨ ᠤᠷᠢᠯᠭ᠎ᠠ ᠪᠠᠷ ᠰᠢᠯᠢ ᠶ᠋ᠢᠨ ᠭᠣᠣᠯ ᠠᠶᠢᠮᠠᠭ ᠤᠨ ᠰᠢᠯᠢ ᠶ᠋ᠢᠨ ᠬᠣᠲᠠ ᠶ᠋ᠢᠨ ᠠᠵᠢᠯ  ᠮᠡᠷᠭᠡᠵᠢᠯ ᠦᠨ ᠳᠡᠭᠡᠳᠦ ᠰᠤᠷᠭᠠᠭᠤᠯᠢ ᠳ᠋ᠥ ᠤᠷᠢᠭᠳᠠᠨ ᠣᠴᠢᠵᠤ ᠬᠢᠴᠢᠶᠡᠯᠯᠡᠭᠰᠡᠨ ᠲᠡᠳᠦᠢ ᠦᠭᠡᠢ 《ᠳᠤᠮᠳᠠᠳᠤ ᠤᠯᠤᠰ ᠤᠨ ᠮᠣᠩᠭᠣᠯ ᠦᠨᠳᠦᠰᠦᠲᠡᠨ ᠤ ᠦᠨᠳᠦᠷ ᠳᠡᠰ ᠦᠨ ᠬᠦᠭᠡᠮᠠᠢ᠂ ᠮᠣᠳᠣᠨ ᠴᠤᠭᠤᠷ ᠤᠨ ᠪᠠᠭᠰᠢ 》ᠬᠡᠮᠡᠬᠦ ᠰᠠᠶᠢᠠᠬᠨ ᠠᠯᠳᠠᠷ ᠬᠦᠷᠲᠡᠭᠰᠡᠨ ᠶᠤᠮ᠃ ᠡᠭᠦᠪᠡᠷ ᠪᠠᠷᠠᠬᠤ ᠦᠭᠡᠢ ᠂ 2016 ᠣᠨ ᠳ᠋ᠥ ᠮᠣᠩᠭᠣᠯ ᠤᠯᠤᠰ ᠲᠤ ᠬᠦᠷᠴᠦ ᠳᠡᠯᠡᠬᠡᠢ ᠶ᠋ᠢᠨ ᠪᠡᠶᠡᠲᠦ ᠪᠣᠰᠤ ᠰᠣᠶᠣᠯ ᠤᠨ ᠥᠪ ᠢᠶ᠋ᠡᠷ  ᠪᠦᠷᠢᠳᠬᠡᠭᠦᠯᠦᠭᠰᠡᠨ 《ᠪᠡᠶᠡᠯᠡᠭᠡ 》ᠬᠡᠮᠡᠬᠦ ᠮᠣᠩᠭᠣᠯ ᠦᠨᠳᠦᠰᠦᠲᠡᠨ ᠤ ᠤᠯᠠᠮᠵᠢᠯᠠᠯᠲᠤ ᠪᠥᠵᠢᠭ ᠢ ᠰᠤᠷᠴᠦ ᠰᠤᠳᠤᠯᠵᠠᠢ ᠃

ᠣᠷᠠᠯᠢᠭᠴᠢᠨ ‍ᠣ ᠴᠤᠮᠤᠭ

ᠤᠷᠠᠯᠢᠭᠴᠢᠨ ᠴᠣᠮᠣᠭ ᠪᠠᠶᠢᠬᠤ ᠦᠭᠡᠢ᠃