ᠡᠬᠢᠯᠡᠯ  —   ᠣᠷᠠᠯᠢᠭᠴᠢᠨ   —   ᠪᠣᠣ · ᠭᠠᠷᠤᠳᠢ

ᠪᠣᠣ · ᠭᠠᠷᠤᠳᠢ ᠬᠠᠳᠠᠭᠠᠯᠠᠬᠤ ᠲᠠᠭᠤᠤ᠄ 8 ᠴᠣᠮᠣᠭ᠄ 0 ᠲᠠᠶᠢᠯᠪᠣᠷᠢ᠄ ᠡᠷᠡᠭᠲᠡᠢ ᠳᠠᠭᠤᠴᠢᠨ ᠣᠩᠰᠢᠭᠰᠠᠨ ᠤᠳᠠᠭ᠎ᠠ᠄ 1596

ᠣᠷᠠᠯᠢᠭᠴᠢᠨ ‍ᠣ ᠨᠠᠮᠳᠠᠷ

      ᠪᠤᠤ · ᠭᠠᠷᠤᠳᠢ᠂ 1966 ᠤᠨ ᠤ 5 ᠰᠠᠷ᠎ᠠ ᠳ᠋ᠦ ᠮᠡᠨᠳᠦᠯᠡᠵᠡᠢ᠃ ᠳᠡᠭᠡᠳᠦ  ᠳᠡᠰ ‍ᠤᠨ  ᠮᠡᠷᠭᠡᠵᠢᠯᠲᠡᠨ᠂ ᠶᠡᠭᠡ ᠰᠤᠷᠭᠠᠭᠤᠯᠢ ᠶ᠋ᠢᠨ ᠵᠢᠩᠭᠢᠨᠢ ᠠᠩᠭᠢ ᠶ᠋ᠢᠨ  ᠰᠤᠷᠤᠯᠭ᠎ᠠ ᠶ᠋ᠢᠨ ᠨᠠᠮᠲᠠᠷ ᠲᠠᠢ᠃ ᠡᠮᠤᠨᠡᠳᠤ ᠭᠤᠷᠯᠤᠰ ᠰᠢᠶᠠᠨ ᠤ ᠲᠠᠯ᠎ᠠ ᠨᠤᠲᠤᠭ ᠤᠨ ᠰᠤᠶᠤᠯ ‍ᠤᠨ ᠭᠡᠷ ‍ᠤᠨ ᠵᠠᠬᠢᠷᠤᠯ᠂ ᠰᠤᠩᠶᠤᠸᠠᠨ ᠬᠤᠳᠠᠨ ᠤ ᠵᠠᠰᠠᠭ ‍ᠤᠨ ᠤᠷᠳᠤᠨ ᠡᠴᠡ ᠡᠷᠭᠦᠮᠵᠢᠯᠡᠭᠰᠡᠨ ᠳᠡᠭᠡᠳᠤ ᠳᠡᠰ ‍ᠤᠨ ᠡᠷᠳᠡᠮᠳᠡᠨ᠂ ᠰᠤᠩᠶᠤᠸᠠᠨ ᠬᠤᠳᠠᠨ ᠤ ᠵᠠᠰᠠᠭ ‍ᠤᠨ ᠤᠷᠳᠤᠨ ᠡᠴᠡ ᠡᠷᠭᠦᠮᠵᠢᠯᠡᠭᠰᠡᠨ ᠠᠷᠠᠳ ‍ᠤᠨ ᠤᠷᠯᠢᠭᠴᠢᠨ᠂ ᠭᠢᠷᠢᠨ ᠮᠤᠵᠢ ᠶ᠋ᠢᠨ ᠮᠤᠩᠭᠤᠯ ᠬᠡᠯᠡ ᠪᠢᠴᠢᠭ  ᠨᠡᠶᠢᠭᠡᠮᠯᠢᠭ  ‍ᠤᠨ᠂ ᠭᠢᠷᠢᠨ ᠮᠤᠵᠢ ᠶ᠋ᠢᠨ  ᠪᠤᠳᠠᠰ ‍ᠤᠨ ᠪᠤᠰᠤ ᠰᠤᠶᠤᠯ ‍ᠤᠨ ᠦᠪ ‍ᠤᠨ ᠮᠤᠷᠢᠨ ᠬᠤᠭᠤᠷ ‍ᠤᠨ ᠠᠶᠠᠯᠭᠤ ᠶ᠋ᠢᠨ ᠲᠦᠯᠤᠭᠡᠯᠡᠬᠦ ᠴᠢᠨᠠᠷ ᠲᠠᠢ ᠤᠯᠠᠮᠵᠢᠯᠠᠭᠴᠢ᠂ ᠰᠤᠩᠶᠤᠸᠠᠨ ᠬᠤᠳᠠᠨ ᠤ ᠮᠤᠩᠭᠤᠯ ᠦᠨᠳᠤᠰᠤᠳᠡᠨ ᠤ ᠬᠤᠭᠤᠷ ᠦᠯᠢᠭᠡᠷ ‍ᠤᠨ ᠰᠣᠳᠣᠯᠠᠬᠤ ᠨᠡᠶᠢᠭᠡᠮᠯᠢᠭ ‍ᠤᠨ ᠵᠠᠬᠢᠷᠤᠯ ᠪᠤᠯᠤᠨ᠎ᠠ᠃
    2006 ᠤᠨ ᠤ 6 ᠰᠠᠷ᠎ᠠ ᠳ᠋ᠥ ᠂ ᠲᠡᠷᠡ ᠱᠠᠩᠬᠠᠢ ᠳ᠋ᠤ ᠶᠠᠪᠤᠭᠳᠠᠭᠰᠠᠨ 《 ᠳᠡᠯᠡᠬᠡᠢ ᠶ᠋ᠢᠨ ᠦᠵᠡᠰᠬᠦᠯᠡᠩ 》 ᠳᠡᠭᠡᠷ᠎ᠡ ᠮᠤᠩᠭᠤᠯ ᠦᠨᠳᠤᠰᠤᠳᠡᠨ  ᠤ ᠠᠷᠠᠳ ‍ᠤᠨ ᠳᠠᠭᠤᠤ  《 ᠲᠤᠭᠳᠠᠬᠤ 》 ᠶ᠋ᠢ ᠳᠠᠭᠤᠯᠠᠵᠤ ᠂ ᠬᠤᠷᠠᠯ ᠳ᠋ᠥ ᠤᠷᠤᠯᠴᠠᠭᠰᠠᠨ ᠤᠳᠤᠷᠢᠳᠤᠯᠭ᠎ᠠ ᠪᠠ  ᠦᠵᠡᠭᠴᠢᠳ ‍ᠤᠨ ᠮᠠᠭᠲᠠᠭᠠᠯ ᠰᠠᠶᠢᠰᠢᠶᠠᠯ   ‍ᠢ ᠤᠯᠤᠭᠰᠠᠨ ᠪᠠᠶᠢᠨ᠎ᠠ᠃ ᠲᠦᠪ  ‍ᠤᠨ ᠲᠧᠯᠸᠢᠰ ᠬᠤᠷᠢᠶ᠎ᠠ ᠪᠠ ᠮᠤᠵᠢ ᠤᠷᠤᠨ ᠤ ᠤᠯᠠᠨ ᠤᠳᠠᠭ᠎ᠠ ᠶ᠋ᠢᠨ  ᠰᠤᠷᠪᠤᠯᠵᠢᠯᠠᠭ᠎ᠠ ᠶ᠋ᠢ ᠬᠦᠯᠢᠶᠡᠵᠤ᠂ ᠬᠤᠪᠢ ᠬᠦᠮᠦᠨ  ᠤ ᠪᠠᠶᠢᠳᠠᠯ ᠪᠠ ᠠᠵᠢᠯᠯᠠᠭ᠎ᠠ ᠶ᠋ᠢᠨ ᠪᠠᠶᠢᠳᠠᠯ ‍ᠢ ᠪᠦᠬᠦ  ᠤᠯᠤᠰ ᠤᠨ  ᠬᠡᠪᠴᠢᠶᠡᠨ ᠳ᠋ᠦ ᠨᠡᠪᠳᠡᠷᠡᠭᠦᠯᠵᠤ ᠤᠰᠤ ᠨᠤᠲᠤᠭ ᠤᠨ ᠢᠶᠡᠨ ᠤᠮᠤᠭᠰᠢᠯ ᠪᠤᠯᠵᠤ ᠶᠠᠪᠤᠨᠠᠮ᠃
     ᠭᠠᠷᠣᠳᠢ᠂ ᠬᠠᠷᠠᠬᠠᠨ ᠪᠠᠭ᠎ᠠ ᠡᠴᠠ ᠪᠠᠨ ᠮᠤᠷᠢᠨ ᠬᠤᠭᠤᠷ ᠲᠤ ᠪᠠᠬᠠᠲᠠᠢ ᠲᠤᠯᠠ  ᠪᠠᠭᠰᠢ ᠲᠠᠨᠢᠵᠤ  ᠮᠡᠷᠭᠡᠵᠢᠯ ᠰᠤᠷᠪᠠ᠃ ᠮᠤᠷᠢᠨ ᠬᠤᠭᠤᠷ ‍ᠤᠨ ᠤᠷᠠᠯᠢᠭ ᠢᠶᠡᠨ ᠤᠯᠠᠮᠵᠢᠯᠠᠨ ᠲᠦᠭᠡᠮᠡᠯᠵᠢᠭᠦᠯᠵᠦ ᠬᠦᠭᠵᠢᠭᠦᠯᠬᠦ ᠶ᠋ᠢᠨ ᠲᠦᠯᠤᠭᠡ 1997 ᠤᠨ ᠳ᠋ᠥ᠂ ᠲᠡᠷᠡ ᠤᠳᠤᠷᠢᠳᠤᠯᠭ᠎ᠠ ᠲᠠᠢ ᠪᠠᠨ ᠵᠦᠪᠳᠡᠨ ᠴᠠᠭᠠᠨᠬᠤᠸᠠ ᠪᠠᠯᠭᠠᠰᠤᠨ ᠤ ᠪᠠᠭᠠᠴᠤᠳ ᠬᠡᠦᠬᠡᠳ ᠲᠦ ᠮᠤᠷᠢᠨ ᠬᠤᠭᠤᠷ ‍ᠤᠨ ᠪᠤᠯᠪᠠᠰᠤᠷᠠᠯ ‍ᠤᠨ ᠠᠩᠬᠢ ᠡᠷᠬᠢᠯᠡᠪᠡ᠃
     1999 ᠤᠨ  ᠤ 9 ᠰᠠᠷ᠎ᠠ ᠳᠦ ᠭᠠᠷᠤᠳᠢ ᠪᠠᠭᠰᠢ ᠶ᠋ᠢᠨ 50 ᠬᠦᠮᠦᠨ ᠢᠶᠠᠷ ᠪᠦᠷᠢᠯᠳᠦᠭᠰᠡᠨ ᠪᠠᠭᠠᠴᠤᠳ ᠬᠡᠦᠬᠡᠳ ‍ᠤᠨ ᠮᠤᠷᠢᠨ ᠬᠤᠭᠤᠷ ‍ᠤᠨ ᠠᠩᠬᠢ ᠰᠤᠩᠶᠤᠸᠠᠨ ᠬᠤᠲᠠ ᠶ᠋ᠢ ᠲᠦᠯᠤᠭᠡᠯᠡᠨ ᠭᠢᠷᠢᠨ ᠮᠤᠵᠢ ᠶ᠋ᠢᠨ ᠵᠣᠬᠢᠶᠠᠨ ᠪᠠᠶᠢᠭᠤᠯᠤᠭᠰᠠᠨ《ᠳᠤᠮᠳᠠᠳᠤ ᠤᠯᠤᠰ ᠪᠠᠶᠢᠭᠤᠯᠤᠭᠳᠠᠭᠰᠠᠨ 50 ᠵᠢᠯ ‍ᠤᠨ ᠤᠢ ᠶ᠋ᠢ ᠪᠡᠯᠭᠡᠯᠡᠬᠦ》ᠤᠷᠠᠨ ᠰᠠᠶᠢᠬᠠᠨ ᠤ ᠲᠤᠭᠯᠠᠯᠲᠠ ᠳ᠋ᠥ ᠤᠷᠤᠯᠴᠠᠵᠤ᠂ ᠤᠷᠠᠯᠢᠭ ‍ᠤᠨ ᠠᠩᠭᠢ ᠠᠩᠬ᠎ᠠ ᠤᠳᠠᠭ᠎ᠠ ᠲᠠᠶᠢᠰᠠᠨ ᠳ᠋ᠥ  ᠭᠠᠷᠴᠤ ᠠᠯᠲᠠᠨ ᠮᠸᠲᠠᠯ  ᠭᠠᠷᠳᠠᠭᠰᠠᠨ ᠪᠠᠶᠢᠨ᠎ᠠ᠃
    2007 - 2008 ᠤᠨ ᠳ᠋ᠥ ᠭᠠᠷᠤᠳᠢ ᠪᠠᠭᠰᠢ ᠱᠠᠪᠢ ᠨᠠᠷ ᠲᠠᠢ ᠪᠠᠨ 1199 ᠬᠦᠮᠦᠨ ᠪᠠ 2008 ᠬᠦᠮᠦᠨ ᠤ ᠮᠤᠷᠢᠨ ᠬᠤᠭᠤᠷ ᠬᠦᠭᠵᠢᠮ ‍ᠤᠨ ᠺᠢᠨᠢᠰ ‍ᠤᠨ ᠳᠡᠯᠡᠬᠡᠢ ᠶ᠋ᠢᠨ ᠲᠡᠮᠳᠡᠭᠯᠡᠯ ‍ᠤᠨ  ᠡᠭᠦᠳᠦᠯᠲᠡ ᠳ᠋ᠥ ᠤᠷᠤᠯᠴᠠᠵᠤ᠂ ᠡᠮᠤᠨᠡᠲᠣ ᠭᠤᠷᠯᠤᠰ ᠰᠢᠶᠠᠨ ‍ᠢ  《ᠳᠤᠮᠳᠠᠲᠤ ᠤᠯᠤᠰ ‍ᠤᠨ ᠮᠤᠷᠢᠨ ᠬᠤᠭᠤᠷ ‍ᠤᠨ ᠨᠤᠲᠤᠭ 》 ᠭᠡᠬᠦ ᠠᠯᠳᠠᠷ  ‍ᠢ ᠤᠯᠬᠤ ᠳ᠋ᠥ  ᠬᠤᠪᠢ ᠨᠡᠮᠡᠷᠢ ᠪᠡᠨ ᠦᠵᠡᠭᠦᠯᠦᠭᠰᠡᠨ ᠪᠠᠶᠢᠨ᠎ᠠ᠃
    ᠡᠮᠤᠨᠡᠳᠤ ᠭᠤᠷᠯᠤᠰ ᠰᠢᠶᠠᠨ ᠳ᠋ᠥ 3500 ᠬᠦᠮᠦᠨ ᠮᠤᠷᠢᠨ ᠬᠤᠭᠤᠷ ᠰᠤᠷᠤᠯᠴᠠᠵᠤ᠂ ᠡᠭᠦᠨ ᠳ᠋ᠥ 1500 ᠬᠦᠮᠤᠨ ᠨᠢ ᠭᠠᠷᠤᠳᠢ ᠪᠠᠭᠰᠢ ᠶ᠋ᠢᠨ ᠱᠠᠪᠢ  ᠪᠣᠯᠬᠤ ᠶᠣᠮ᠃
     ᠲᠡᠷᠡ ᠮᠠᠨᠢ ᠠᠷᠠᠳ ᠤᠨ ᠤᠷᠠᠯᠢᠭ ᠶ᠋ᠢ ᠬᠠᠲᠠᠭᠤᠵᠢᠯᠲᠠᠢ ᠰᠤᠳᠤᠯᠤᠭᠰᠠᠨ ᠤ ᠳ᠋ᠦᠩ ᠳ᠋ᠥ ᠥᠪᠡᠷ ᠦᠨ ᠪᠦᠲᠦᠭᠡᠯ  《ᠬᠤᠭᠤᠷ ‍ᠤᠨ ᠦᠯᠢᠭᠡᠷ ‍ᠤᠨ ᠵᠢᠭᠠᠬᠤ ᠬᠦᠳᠦᠯᠪᠤᠷᠢ 》᠂ 《ᠰᠤᠶᠤᠯ ᠤᠷᠢᠯᠢᠭ ‍ᠤᠨ ᠮᠦᠷᠳᠡᠯᠲᠡ 》᠂ 《ᠬᠤᠷᠴᠢᠨ ᠪᠦᠭᠡ ᠮᠦᠷᠭᠦᠯ ‍ᠤᠨ ᠳᠠᠭᠤᠤ ᠪᠠ ᠠᠶᠠᠯᠭ᠎ᠠ 》᠂ 《ᠬᠤᠷᠴᠢᠨ ᠪᠦᠭᠡ ᠮᠦᠷᠭᠦᠯ ‍ᠤᠨ ᠲᠠᠬᠢᠯᠭ᠎ᠠ ᠶ᠋ᠢᠨ ᠵᠠᠩ ᠦᠢᠯᠡ 》ᠵᠡᠷᠭᠡ ᠨᠤᠮ ᠢᠶᠡᠨ ᠬᠡᠪᠯᠡᠭᠦᠯᠦᠨ ᠲᠠᠷᠬᠠᠭᠠᠪᠠ᠃ 《ᠡᠵᠢ ᠶ᠋ᠢᠨ ᠡᠨᠡᠷᠢᠯ 》 ᠵᠡᠷᠭᠡ ᠤᠯᠠᠨ ᠦᠭᠦᠯᠡᠯ ᠪᠠᠨ ᠮᠤᠵᠢ ᠶ᠋ᠢᠨ  ᠳᠡᠰ ᠦᠨ ᠨᠤᠮ ᠳᠡᠭᠡᠷ᠎ᠡ ᠨᠡᠶᠢᠳᠡᠯᠡᠵᠤ ᠂   《ᠮᠤᠩᠭᠤᠯ ᠬᠠᠶᠢᠷ᠎ᠠ 》᠂ 《ᠭᠤᠷᠯᠤᠰ ᠲᠦ ᠤᠯᠠᠮᠵᠢᠯᠠᠨ  ᠳᠠᠭᠤᠯᠠᠭᠳᠠᠭᠰᠠᠨ ᠠᠷᠠᠳ ‍ᠤᠨ ᠳᠠᠭᠤᠤ 》᠂ 《ᠳᠦᠷᠪᠡᠨ ᠤᠲᠠᠰᠤᠳᠤ ᠬᠤᠭᠤᠷ ‍ᠤᠨ ᠬᠦᠭᠵᠢᠮ 》᠂ 《 ᠬᠤᠷᠴᠢᠨ ᠳ᠋ᠥ ᠤᠯᠠᠮᠵᠢᠯᠠᠨ  ᠳᠠᠭᠤᠯᠠᠭᠳᠠᠭᠰᠠᠨ ᠠᠷᠠᠳ ‍ᠤᠨ ᠳᠠᠭᠤᠤ 》᠂ 《ᠮᠤᠩᠭᠤᠯ ᠪᠦᠭᠡ ᠶ᠋ᠢᠨ ᠪᠦᠵᠢᠭ 》᠂ 《ᠭᠤᠷᠯᠤᠰ ‍ᠤᠨ  ᠬᠤᠭᠤᠷ ‍ᠤᠨ ᠦᠯᠢᠭᠡᠷ 》 ᠵᠡᠷᠭᠡ  ᠰᠣᠷᠢᠨᠵᠢᠨ   ᠪᠢᠴᠢᠯᠭᠡ ᠪᠡᠨ  ᠬᠡᠪᠯᠡᠨ ᠲᠠᠷᠬᠠᠭᠠᠭᠰᠠᠨ ᠪᠠᠶᠢᠨ᠎ᠠ᠃

ᠣᠷᠠᠯᠢᠭᠴᠢᠨ ‍ᠣ ᠴᠤᠮᠤᠭ

ᠤᠷᠠᠯᠢᠭᠴᠢᠨ ᠴᠣᠮᠣᠭ ᠪᠠᠶᠢᠬᠤ ᠦᠭᠡᠢ᠃