ᠡᠬᠢᠯᠡᠯ  —   ᠣᠷᠠᠯᠢᠭᠴᠢᠨ   —   ᠠ‍ · ᠤᠷᠠᠨᠴᠢᠮᠡᠭ

ᠠ‍ · ᠤᠷᠠᠨᠴᠢᠮᠡᠭ ᠬᠠᠳᠠᠭᠠᠯᠠᠬᠤ ᠲᠠᠭᠤᠤ᠄ 2 ᠴᠣᠮᠣᠭ᠄ 0 ᠲᠠᠶᠢᠯᠪᠣᠷᠢ᠄ ᠢᠷᠠᠭᠤ ᠨᠠᠶᠢᠷᠠᠭᠴᠢ ᠣᠩᠰᠢᠭᠰᠠᠨ ᠤᠳᠠᠭ᠎ᠠ᠄ 785

ᠣᠷᠠᠯᠢᠭᠴᠢᠨ ‍ᠣ ᠨᠠᠮᠳᠠᠷ

               ᠠ‍ · ᠤᠷᠠᠨᠴᠢᠮᠡᠭ ᠂  ᠤᠯᠤᠰ ᠤᠨ ᠬᠣᠶᠠᠳᠤᠭᠠᠷ ᠳᠡᠰ ᠦᠨ ᠲᠣᠭᠯᠠᠭᠴᠢ ᠂  ᠰᠢᠯᠢ ᠶ᠋ᠢᠨ ᠭᠣᠣᠯ ᠠᠶᠢᠮᠠᠭ ᠤᠨ ᠤᠳᠬ᠎ᠠ ᠤᠷᠠᠯᠢᠭ ᠤᠨ ᠬᠣᠯᠪᠤᠭᠠᠨ ᠤ ᠳᠡᠳ᠋ ᠲᠡᠷᠢᠭᠦᠯᠡᠭᠴᠢ ᠂  ᠪᠠᠷᠠᠭᠤᠨ ᠦᠵᠦᠮᠦᠴᠢᠨ ᠬᠤᠰᠢᠭᠤᠨ ᠤ ᠤᠳᠬ᠎ᠠ ᠤᠷᠠᠯᠢᠭ ᠤᠨ ᠬᠣᠯᠪᠤᠭᠠᠨ ᠤ ᠲᠡᠷᠢᠭᠦᠯᠡᠭᠴᠢ ᠂ 1979-2012 ᠣᠨ ᠬᠦᠷᠲᠡᠯ᠎ᠡ ᠤᠯᠠᠭᠠᠨᠮᠦ᠋ᠴᠢᠷ ᠲᠤ ᠠᠵᠢᠯᠯᠠᠵᠤ ᠂ 2000-2012 ᠣᠨ ᠬᠦᠷᠲᠡᠯ᠎ᠡ ᠤᠯᠠᠭᠠᠨᠮᠦ᠋ᠴᠢᠷ ᠤᠨ ᠳᠠᠷᠤᠭ᠎ᠠ ᠪᠠᠷ ᠠᠵᠢᠯᠯᠠᠪᠠ ᠃ ᠳᠡᠭᠡᠷ᠎ᠡ ᠵᠠᠭᠤᠨ ᠤ ᠨᠠᠶᠠᠭᠠᠳ ᠣᠨ ᠤ ᠡᠬᠢ ᠪᠡᠷ《 ᠰᠡᠷᠮᠡᠭᠦᠬᠡᠨ ᠬᠠᠩᠭᠠᠢ》᠂《 ᠦᠵᠦᠮ ᠦᠨ ᠠᠭᠤᠯᠠ》᠂《 ᠵᠠᠶᠠᠭ᠎ᠠ ᠲᠠᠢ ᠨᠤᠲᠤᠭ》  ᠵᠡᠷᠭᠡ ᠳᠠᠭᠤᠤ ᠶ᠋ᠢᠨ ᠰᠢᠯᠦᠭ ᠢ ᠪᠢᠴᠢᠵᠦ ᠂  ᠦᠷᠭᠡᠨ ᠢᠶ᠋ᠡᠷ ᠳᠠᠭᠤᠯᠠᠭᠳᠠᠪᠠ ᠃《 ᠠᠵᠠ ᠶ᠋ᠢᠨ ᠬᠣᠷᠸ᠎ᠠ ᠰᠢᠯᠢᠩᠬᠣᠲᠠ 》᠂《 ᠦᠷ ᠴᠠᠶᠢᠯ᠎ᠠ》 ᠂《 ᠬᠦᠯᠢᠶᠡᠭᠰᠡᠨ ᠰᠡᠳᠬᠢᠯ》᠂《 ᠨᠠᠭᠤᠷ ᠤᠨ  ᠬᠦᠪᠡᠭᠡᠨ ᠳ᠋ᠦ》᠂《 ᠲᠡᠭᠷᠢᠯᠢᠭ ᠣᠷᠣᠨ ᠰᠢᠯᠢ ᠶ᠋ᠢᠨ ᠭᠣᠣᠯ》᠂《 ᠤᠷᠲᠤ ᠰᠠᠶᠢᠬᠠᠨ ᠨᠠᠮᠤᠷ》 ᠂《 ᠠᠳᠤᠭᠤᠨ ᠤ ᠰᠠᠯᠬᠢ ᠲᠠᠢ ᠨᠤᠲᠤᠭ》  ᠵᠡᠷᠭᠡ ᠪᠦᠲᠦᠭᠡᠯ ᠨᠢ ᠤᠯᠤᠰ ᠂ ᠣᠷᠣᠨ ᠂ ᠠᠶᠢᠮᠠᠭ ᠤᠨ ᠱᠠᠩᠨᠠᠯ ᠢ ᠣᠯᠠᠨᠲᠠ ᠬᠦᠷᠲᠡᠵᠦ ᠦᠩᠭᠡᠷᠡᠵᠡᠢ ᠃ ᠭᠡᠬᠦ ᠳᠠᠭᠤᠤ ᠨᠢ ᠪᠦᠬᠦ ᠤᠯᠤᠰ ᠤᠨ ᠳᠠᠭᠤᠤ ᠶ᠋ᠢᠨ ᠤᠷᠤᠯᠳᠤᠭᠠᠨ ᠳ᠋ᠤ ᠵᠣᠬᠢᠶᠠᠯ  ᠪᠦᠲᠦᠭᠡᠯ ᠦ᠋ᠨ ᠭᠤᠷᠪᠠᠳᠤᠭᠠᠷ ᠳᠡᠰ ᠦᠨ ᠱᠠᠩᠨᠠᠯ ᠢ ᠬᠦᠷᠲᠡᠵᠦ ᠂《 ᠵᠠᠶᠠᠭ᠎ᠠ ᠲᠠᠢ ᠨᠤᠲᠤᠭ》  ᠭᠡᠬᠦ ᠳᠠᠭᠤᠤ ᠨᠢ ᠦᠪᠡᠷᠲᠡᠭᠡᠨ ᠵᠠᠰᠠᠬᠣ ᠣᠷᠣᠨ ᠤ  ᠬᠣᠶᠠᠳᠤᠭᠠᠷ ᠬᠤᠭᠤᠴᠠᠭᠠᠨ ᠤ ᠤᠷᠠᠯᠢᠭ ᠤᠨ ᠪᠦᠲᠦᠭᠡᠯ ᠦᠨ《 ᠰᠠᠷᠠᠨ᠎ᠠ》 ᠱᠠᠩᠨᠠᠯ ᠢ ᠬᠦᠷᠲᠡᠵᠡᠢ ᠃  2010 ᠣᠨ ᠳ᠋ᠤ ᠦᠪᠡᠷᠲᠡᠭᠡᠨ ᠵᠠᠰᠠᠬᠣ ᠣᠷᠣᠨ ᠤ ᠠᠷᠠᠳ ᠤᠨ ᠵᠠᠰᠠᠭ ᠤᠨ ᠣᠷᠳᠣᠨ ᠤ《 ᠬᠦᠳᠡᠯᠮᠦᠷᠢ ᠶ᠋ᠢᠨ ᠵᠢᠱᠢᠶᠡᠴᠢ》 ᠪᠡᠷ ᠦᠨᠡᠯᠡᠭᠳᠡᠪᠡ ᠃ 

ᠣᠷᠠᠯᠢᠭᠴᠢᠨ ‍ᠣ ᠴᠤᠮᠤᠭ

ᠤᠷᠠᠯᠢᠭᠴᠢᠨ ᠴᠣᠮᠣᠭ ᠪᠠᠶᠢᠬᠤ ᠦᠭᠡᠢ᠃