ᠡᠬᠢᠯᠡᠯ  —   ᠣᠷᠠᠯᠢᠭᠴᠢᠨ   —   ᠰᠠᠶᠢᠨ᠎ᠠ

ᠰᠠᠶᠢᠨ᠎ᠠ ᠬᠠᠳᠠᠭᠠᠯᠠᠬᠤ ᠲᠠᠭᠤᠤ᠄ 3 ᠴᠣᠮᠣᠭ᠄ 0 ᠲᠠᠶᠢᠯᠪᠣᠷᠢ᠄ ᠡᠮᠡᠭᠲᠡᠢ ᠳᠠᠭᠤᠴᠢᠨ ᠣᠩᠰᠢᠭᠰᠠᠨ ᠤᠳᠠᠭ᠎ᠠ᠄ 980

ᠣᠷᠠᠯᠢᠭᠴᠢᠨ ‍ᠣ ᠨᠠᠮᠳᠠᠷ

           ᠰᠠᠶᠢᠨ᠎ᠠᠦᠪᠦᠷ ᠮᠣᠩᠭᠣᠯ ᠤᠨ ᠰᠢᠯᠢ ᠶ᠋ᠢᠨ ᠭᠣᠣᠯ ᠠᠶᠢᠮᠠᠭ ᠤᠨ ᠰᠢᠯᠤᠭᠤᠨ ᠬᠦᠪᠡᠭᠡᠳᠦ ᠴᠠᠭᠠᠨ ᠬᠣᠰᠢᠭᠣᠨ ᠤ ᠪᠤᠯᠠᠭᠠᠨᠲᠣᠬᠣᠢ ᠰᠣᠮᠣᠨ ᠤ ᠬᠠᠰᠢᠶᠠᠲᠦ  ᠭᠠᠴᠠᠭᠠᠨ ᠳ᠋ᠥ  ᠨᠤᠲᠤᠭ ᠲᠠᠢ ᠃ ᠲᠡᠷᠡ ᠦᠪᠦᠷ ᠮᠣᠩᠭᠣᠯ ᠤᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠫᠷᠣᠹᠧᠰᠰᠣᠷ ᠪᠥᠬᠡᠨᠠᠰᠤᠨ ᠡᠴᠠ ᠠᠩᠬ᠎ᠠ ᠮᠣᠷᠢᠨ ᠬᠤᠭᠤᠷ ᠰᠤᠷᠴᠦ ᠂ 2009 ᠣᠨ ᠳ᠋ᠥ ᠪᠠᠷᠠᠭᠤᠨ ᠡᠮᠦᠨᠡᠲᠦ ᠶ᠋ᠢᠨ ᠦᠨᠳᠦᠰᠦᠲᠡᠨ ᠤ ᠶᠡᠬᠡ ᠰᠤᠷᠭᠠᠭᠤᠯᠢ ᠶ᠋ᠢᠨ ᠰᠠᠯᠪᠤᠷᠢ ᠳ᠋ᠥ ᠰᠢᠯᠭᠠᠭᠳᠠᠨ ᠣᠷᠣᠵᠤ ᠂ ᠠᠯᠲᠠᠨᠵᠤᠯᠠ ᠪᠠᠭᠰᠢ ᠡᠴᠠ ᠦᠷᠭᠦᠯᠵᠢᠯᠡᠨ ᠮᠣᠷᠢᠨ ᠬᠤᠭᠤᠷ ᠤᠨ ᠮᠡᠷᠭᠡᠵᠢᠯ ᠡᠵᠡᠮᠰᠢᠨ ᠂2016 ᠣᠨ ᠳ᠋ᠥ ᠮᠠᠰᠲ᠋ᠸᠷ ᠴᠣᠯᠠ ᠬᠠᠮᠠᠭᠠᠯᠠᠵᠠᠢ ᠃ ᠣᠳᠣ ᠬᠥᠬᠡᠬᠤᠲᠠ ᠶ᠋ᠢᠨ ᠬᠤᠷᠢᠨ ᠵᠢᠷᠭᠤᠳᠤᠭᠠᠷ ᠳᠤᠮᠳᠠᠳᠦ ᠰᠤᠷᠭᠠᠭᠤᠯᠢ ᠳ᠋ᠥ ᠳᠠᠭᠤᠤ ᠬᠥᠭᠵᠢᠮ ᠦᠨ ᠪᠠᠭᠰᠢ ᠪᠠᠷ ᠠᠵᠢᠯᠯᠠᠵᠤ ᠪᠣᠢ ᠃ ᠰᠠᠶᠢᠨ᠎ᠠ 2011 ᠣᠨ ᠳ᠋ᠥ ᠪᠦᠬᠦ ᠤᠯᠤᠰ ᠤᠨ ᠵᠠᠯᠠᠭᠤᠴᠤᠳ ᠪᠠᠭᠠᠴᠤᠳ ᠤᠨ ᠠᠪᠢᠶᠠᠰ ᠰᠢᠯᠭᠠᠷᠠᠭᠤᠯᠬᠤ ᠨᠠᠢᠮᠠᠳᠤᠭᠠᠷ ᠤᠳᠠᠭᠠᠨ ᠤ  ᠲᠡᠮᠡᠴᠡᠭᠡᠨ ᠳ᠋ᠥ  ᠣᠷᠣᠯᠴᠠᠨ ᠂ ᠰᠸᠴᠤᠸᠠᠨ ᠮᠤᠵᠢ ᠳ᠋ᠠᠬᠢ ᠣᠨᠴᠠ ᠳᠡᠰ ᠦᠨ ᠱᠠᠩᠨᠠᠯ ᠬᠦᠷᠲᠡᠵᠤ ᠂2014 ᠣᠨ ᠳ᠋ᠥ  ᠬᠠᠯᠠᠭᠤᠨ ᠮᠣᠩᠭᠣᠯ ᠣᠷᠣᠨ  》  ᠬᠡᠮᠡᠬᠦ ᠪᠦᠲᠦᠭᠡᠯ ᠢᠶ᠋ᠡᠷ ᠢᠶ᠋ᠡᠨ ᠪᠦᠬᠦ ᠣᠷᠣᠨ ᠤ ᠤᠷᠠᠨ ᠵᠣᠬᠢᠶᠠᠯ ᠤᠨ ᠳᠠᠭᠤᠤ ᠶ᠋ᠢᠨ ᠰᠢᠯᠭᠠᠷᠠᠭᠤᠯᠤᠯᠲᠠ ᠳ᠋ᠥ ᠬᠣᠶᠠᠳᠤᠭᠠᠷ ᠳᠡᠰ ᠦᠨ ᠱᠠᠩᠨᠠᠯ ᠬᠦᠷᠲᠡᠵᠡᠢ ᠃ 2013 ᠣᠨ ᠳ᠋ᠥ 《 ᠲᠠᠯ᠎ᠠ ᠨᠤᠲᠤᠭ 》 ᠬᠡᠮᠡᠬᠦ ᠠᠩᠬᠠᠨ ᠤCD ᠴᠣᠮᠣᠭ ᠢᠶᠡᠨ ᠲᠠᠷᠬᠠᠭᠠᠪᠠ ᠃ ᠰᠠᠶᠢᠨ᠎ᠠ ᠶ᠋ᠢᠨ ᠲᠥᠯᠥᠭᠡᠯᠡᠬᠦ ᠪᠦᠲᠦᠭᠡᠯ ᠄ 《 ᠤᠷᠢᠬᠠᠨ ᠬᠠᠪᠤᠷ 》᠂ 《 ᠮᠥᠷᠥᠭᠡᠳᠦᠯ 》᠂ 《  ᠬᠥᠳᠡᠭᠡ ᠲᠠᠯ᠎ᠠ ᠶ᠋ᠢᠨ ᠮᠢᠨᠢ ᠡᠪᠦᠯ 》᠂ 《 ᠨᠠᠷᠠᠨ ᠤ  ᠪᠦᠦᠪᠠᠢ ᠲᠠᠢ ᠨᠤᠲᠤᠭ 》

ᠣᠷᠠᠯᠢᠭᠴᠢᠨ ‍ᠣ ᠴᠤᠮᠤᠭ

ᠤᠷᠠᠯᠢᠭᠴᠢᠨ ᠴᠣᠮᠣᠭ ᠪᠠᠶᠢᠬᠤ ᠦᠭᠡᠢ᠃