ᠡᠬᠢᠯᠡᠯ  —   ᠣᠷᠠᠯᠢᠭᠴᠢᠨ   —   ᠰᠣᠶᠣᠯᠴᠡᠴᠡᠭ

ᠰᠣᠶᠣᠯᠴᠡᠴᠡᠭ ᠬᠠᠳᠠᠭᠠᠯᠠᠬᠤ ᠲᠠᠭᠤᠤ᠄ 13 ᠴᠣᠮᠣᠭ᠄ 1 ᠲᠠᠶᠢᠯᠪᠣᠷᠢ᠄ ᠡᠮᠡᠭᠲᠡᠢ ᠳᠠᠭᠤᠴᠢᠨ ᠣᠩᠰᠢᠭᠰᠠᠨ ᠤᠳᠠᠭ᠎ᠠ᠄ 4398

ᠣᠷᠠᠯᠢᠭᠴᠢᠨ ‍ᠣ ᠨᠠᠮᠳᠠᠷ

     ᠤᠯᠤᠰ ‍ᠤᠨ ᠬᠣᠶᠠᠳᠤᠭᠠᠷ ᠳᠡᠰ ‍ᠤᠨ ᠲᠣᠭᠯᠠᠭᠴᠢ ᠰᠣᠶᠣᠯᠴᠡᠴᠡᠭ᠂ 1970 ᠣᠨ ᠳᠦ ᠣᠷᠳᠣᠰ ᠬᠣᠲᠠ ᠶ᠋ᠢᠨ ᠣᠲᠣᠭ ᠬᠣᠰᠢᠭᠤᠨ ‍ᠤ ᠰᠦᠮᠡᠲᠦ ᠰᠤᠮᠤᠨ ‍ᠤ ᠪᠠᠭ᠎ᠠ ᠡᠷᠬᠡᠲᠦ ᠭᠠᠴᠠᠭ᠎ᠠ ᠶ᠋ᠢᠨ ᠠᠷᠠᠳ ‍ᠤᠨ ᠳᠠᠭᠤᠴᠢᠨ ᠠᠮᠤᠭᠤᠯᠠᠩ᠂ ᠮᠠᠯᠴᠢᠨ ᠰᠡᠴᠡᠩᠭᠤᠸ᠎ᠠ ᠶ᠋ᠢᠨ ᠪᠠᠭ᠎ᠠ ᠥᠬᠢᠨ ᠨᠢ ᠪᠣᠯᠵᠤ ᠵᠠᠶᠠᠭᠠᠵᠠᠢ᠃
     1986 ᠣᠨ ᠳᠤ ᠠᠯᠠᠱᠠ ᠠᠶᠢᠮᠠᠭ ‍ᠤᠨ ᠦᠨᠳᠦᠰᠦᠲᠡᠨ ‍ᠤ ᠳᠠᠭᠤᠤ ᠪᠥᠵᠢᠭ ‍ᠤᠨ ᠪᠦᠯᠬᠦᠮ ᠳᠦ ᠡᠯᠰᠡᠭᠳᠡᠨ ᠠᠵᠢᠯᠯᠠᠵᠤ᠂ 1987 ᠣᠨ ᠳᠤ ᠥᠪᠥᠷ ᠮᠣᠩᠭᠣᠯ ‍ᠤᠨ ᠤᠷᠠᠯᠢᠭ ‍ᠤᠨ ᠰᠤᠷᠭᠠᠭᠤᠯᠢ ᠳᠦ ᠰᠢᠯᠭᠠᠭᠳᠠᠨ ᠬᠤᠷᠢᠶᠠᠭᠴᠢ᠂ ᠤᠷᠭᠤᠮᠠᠯ ᠵᠡᠷᠭᠡ ᠠᠯᠳᠠᠷᠲᠤ ᠪᠠᠭᠰᠢ ᠨᠠᠷ ‍ᠤᠨ ᠭᠤᠷᠪᠠᠨ ᠵᠢᠯ ‍ᠤᠨ ᠬᠢᠴᠢᠶᠡᠯ ᠬᠦᠮᠦᠵᠢᠯ ‍ᠢ ᠬᠦᠷᠲᠡᠭᠰᠡᠨ ᠡᠴᠠ ᠣᠳᠣ ᠪᠣᠯᠲᠠᠯ᠎ᠠ ᠢᠷᠠᠭᠤ ᠰᠠᠶᠢᠬᠠᠨ ᠳᠠᠭᠤ ᠬᠣᠭᠣᠯᠠᠢ᠂ ᠢᠯᠭᠤᠮ ᠭᠣᠶᠣ ᠲᠣᠪᠰᠢᠭᠤᠷ ᠬᠥᠭᠵᠢᠮ ᠢᠶᠠᠷ ᠢᠶᠡᠨ ᠬᠥᠮᠥᠨ ᠣᠯᠠᠨ ᠢᠶᠡᠨ ᠪᠠᠶᠠᠰᠬᠠᠵᠤ ᠶᠠᠪᠤᠭ᠎ᠠ ᠪᠢᠯᠡ᠃    
     ᠲᠡᠷᠡ 1997 ᠣᠨ ᠡᠴᠠ ᠰᠢᠨᠵᠢᠶᠠᠩ ‍ᠤᠨ ᠡᠯ᠎ᠡ ᠮᠣᠩᠭᠣᠯ ᠣᠷᠣᠨ ᠢᠶᠠᠷ ᠶᠠᠪᠤᠵᠤ ᠲᠣᠪᠰᠢᠭᠤᠷ ᠴᠢᠪᠬᠠᠳᠠᠬᠤ ᠠᠷᠭ᠎ᠠ ᠪᠠᠷᠢᠯ ‍ᠢ ᠰᠤᠷᠴᠤ ᠡᠵᠡᠮᠰᠢᠬᠦ ᠶ᠋ᠢᠨ ᠬᠠᠮᠲᠤ ᠠᠯᠠᠱᠠ ᠨᠤᠲᠤᠭ ᠲᠤ ᠳᠡᠯᠭᠡᠷᠡᠭᠦᠯᠦᠨ ᠤᠯᠠᠮᠵᠢᠯᠠᠵᠤ᠂ 1998 ᠣᠨ ᠡᠴᠠ ᠥᠪᠡᠷ ‍ᠤᠨ ᠳᠠᠭᠤ ᠬᠣᠭᠣᠯᠠᠢ ᠶ᠋ᠢᠨ ᠡᠷᠳᠡᠮ ᠮᠡᠷᠭᠡᠵᠢᠯ ᠢᠶᠡᠨ ᠳᠡᠭᠡᠭᠰᠢᠯᠡᠭᠦᠯᠦᠨ᠂ 《 ᠵᠠᠭ ‍ᠤᠨ ᠤᠯᠠᠭᠠᠨ 》 ᠭᠡᠬᠦ ᠳᠠᠭᠤᠤ ᠪᠠᠷ ᠢᠶᠡᠨ ᠠᠯᠠᠱᠠ ᠨᠤᠲᠤᠭ ᠲᠤ ᠠᠯᠳᠠᠷᠰᠢᠨ᠂ ᠣᠷᠴᠢᠮ ‍ᠤᠨ ᠠᠷᠪᠠᠭᠠᠳ ᠵᠢᠯ ‍ᠤᠨ ᠳᠣᠲᠣᠷ᠎ᠠ ᠥᠪᠥᠷ ᠮᠣᠩᠭᠣᠯ ‍ᠤᠨ ᠥᠪᠡᠷᠲᠡᠭᠡᠨ ᠵᠠᠰᠠᠬᠤ ᠣᠷᠣᠨ ‍ᠤ ᠲᠤᠰᠬᠠᠢ ᠮᠡᠷᠭᠡᠵᠢᠯ ‍ᠤᠨ ᠤᠷᠠᠨ ᠰᠠᠶᠢᠬᠠᠨ ‍ᠤ ᠲᠣᠭᠯᠠᠯᠲᠠ ᠳᠤ ᠭᠤᠷᠪᠠᠳᠤᠭᠠᠷ ᠳᠡᠰ ‍ᠤᠨ ᠱᠠᠩᠨᠠᠯ᠂ ᠨᠠᠢᠮᠠᠨ ᠮᠤᠵᠢ ᠣᠷᠣᠨ ‍ᠤ ᠠᠩᠬᠠᠳᠠᠭᠴᠢ ᠤᠳᠠᠭᠠᠨ ‍ᠤ ᠰᠣᠳᠣᠨ ᠳᠠᠭᠤᠴᠢᠨ᠂ ᠳᠤᠮᠳᠠᠳᠤ ᠤᠯᠤᠰ ‍ᠤᠨ ᠶᠢᠰᠦᠳᠦᠭᠡᠷ ᠬᠤᠭᠤᠴᠠᠭᠠᠨ ‍ᠤ ᠪᠠᠷᠠᠭᠤᠨ ᠣᠷᠣᠨ ‍ᠤ ᠠᠷᠠᠳ ‍ᠤᠨ ᠳᠠᠭᠤᠤ ᠶ᠋ᠢᠨ ᠴᠤᠭᠯᠠᠭᠠᠨ ‍ᠤ ᠲᠣᠪᠰᠢᠭᠤᠷ ᠬᠥᠭᠵᠢᠮ ‍ᠤᠨ ᠮᠥᠩᠭᠥᠨ ᠮᠸᠳᠠᠯ᠂ ᠮᠣᠩᠭᠣᠯ ᠠᠷᠠᠳ ‍ᠤᠨ ᠳᠠᠭᠤᠤ ᠪᠠᠷ ᠢᠶᠡᠨ ᠠᠯᠲᠠᠨ ᠮᠸᠳᠠᠯ ᠵᠡᠷᠭᠡ ᠠᠷᠪᠠ ᠭᠠᠷᠤᠢ ᠤᠯᠤᠰ ᠪᠠ ᠣᠷᠣᠨ ‍ᠤ ᠳᠡᠰ ‍ᠤᠨ ᠱᠠᠩᠨᠠᠯ ᠬᠦᠬᠢᠭᠦᠯᠦᠯ ‍ᠢ ᠲᠣᠰᠴᠤ ᠶᠠᠪᠤᠭ᠎ᠠ ᠶᠤᠮ᠃


ᠣᠷᠠᠯᠢᠭᠴᠢᠨ ‍ᠣ ᠴᠤᠮᠤᠭ

ᠵᠠᠭ ‍ᠤᠨ ᠤᠯᠠᠭᠠᠨ ᠲᠠᠭᠤᠴᠢᠨ ᠄ ᠰᠣᠶᠣᠯᠴᠡᠴᠡᠭ ᠣᠩᠰᠢᠭᠰᠠᠨ ᠤᠳᠠᠭ᠎ᠠ ᠄ 2069