ᠡᠬᠢᠯᠡᠯ  —   ᠣᠷᠠᠯᠢᠭᠴᠢᠨ   —   ᠤᠷᠠᠨᠴᠢᠮᠡᠭ

ᠤᠷᠠᠨᠴᠢᠮᠡᠭ ᠬᠠᠳᠠᠭᠠᠯᠠᠬᠤ ᠲᠠᠭᠤᠤ᠄ 26 ᠴᠣᠮᠣᠭ᠄ 1 ᠲᠠᠶᠢᠯᠪᠣᠷᠢ᠄ ᠡᠮᠡᠭᠲᠡᠢ ᠳᠠᠭᠤᠴᠢᠨ ᠣᠩᠰᠢᠭᠰᠠᠨ ᠤᠳᠠᠭ᠎ᠠ᠄ 1080

ᠣᠷᠠᠯᠢᠭᠴᠢᠨ ‍ᠣ ᠨᠠᠮᠳᠠᠷ

      ᠵᠠᠯᠠᠭᠤ ᠲᠠᠭᠤᠴᠢᠨ ᠤᠷᠠᠨᠴᠢᠮᠡᠭ᠂ ᠮᠤᠩᠭᠣᠯ ᠦᠨᠳᠦᠰᠦᠳᠡᠨ ‍ᠤ ᠤᠷᠳᠤ ᠶ᠋ᠢᠨ ᠲᠠᠭᠤᠤ ᠶ᠋ᠢᠨ ᠰᠤᠳᠤᠯᠤᠭᠴᠢ᠂ ᠥᠪᠯᠡᠨ ᠤᠯᠠᠮᠵᠢᠯᠠᠭᠴᠢ᠂ ᠦᠪᠦᠷ ᠮᠤᠩᠭᠣᠯ ‍ᠤᠨ ᠤᠷᠳᠤ ᠶ᠋ᠢᠨ ᠲᠠᠭᠤᠤ ᠶ᠋ᠢᠨ ᠰᠤᠶᠤᠯ ᠤᠷᠠᠯᠢᠭ ‍ᠤᠨ ᠰᠤᠳᠤᠯᠭᠠᠨ ‍ᠤ ᠨᠡᠶᠢᠬᠡᠮᠯᠢᠭ ‍ᠤᠨ ᠬᠡᠰᠢᠬᠦᠨ᠃
      ᠤᠯᠠᠭᠠᠨᠬᠠᠳᠠ ᠬᠤᠳᠠ ᠶ᠋ᠢᠨ ᠤᠩᠨᠢᠭᠣᠳ ᠬᠤᠰᠢᠭᠤ ᠪᠡᠷ ᠨᠤᠳᠤᠭ ᠲᠠᠢ᠂ ᠲᠤᠮᠳᠠᠳᠤ ᠤᠯᠤᠰ ‍ᠤᠨ ᠲᠠᠭᠤᠤ ᠬᠦᠭᠵᠢᠮ ‍ᠤᠨ ᠲᠡᠭᠡᠳᠤ ᠰᠤᠷᠭᠠᠭᠤᠯᠢ ᠡᠴᠠ ᠲᠡᠬᠦᠰᠴᠤ᠂ ᠤᠷᠢᠳ ᠬᠤᠵᠢᠳ ᠸᠠᠩ ᠺᠦᠨ ᠂ ᠬᠤᠷᠴᠢᠨ ᠤᠷᠠᠯᠢᠭ ‍ᠤᠨ ᠲᠡᠭᠡᠳᠤ ᠰᠤᠷᠭᠠᠭᠤᠯᠢ ᠶ᠋ᠢᠨ ᠫᠷᠦᠹᠸᠰᠰᠦᠷ  ᠲᠤᠯᠭᠠᠭᠤᠷᠢ᠂ ᠲᠤᠮᠳᠠᠳᠤ ᠤᠯᠤᠰ ‍ᠤᠨ ᠲᠠᠭᠤᠤ ᠬᠦᠭᠵᠢᠮ ᠲᠡᠭᠡᠳᠤ ᠰᠤᠷᠭᠠᠭᠤᠯᠢ ᠶ᠋ᠢᠨ ᠫᠷᠦᠹᠸᠰᠰᠦᠷ ᠵᠠᠩ ᠮᠦ ᠂ ᠤᠯᠠᠭᠠᠨᠬᠠᠳᠠ ᠶ᠋ᠢᠨ ᠦᠨᠳᠦᠰᠦᠳᠡᠨ ‍ᠤ ᠲᠠᠭᠤᠤ ᠬᠦᠭᠵᠢᠮ ‍ᠤᠨ ᠪᠦᠯᠬᠦᠮ ‍ᠤᠨ ᠬᠠᠰᠪᠠᠳᠤ ᠵᠡᠷᠭᠡ ᠨᠡᠷᠡᠳᠤ ᠪᠠᠭᠰᠢ ᠨᠠᠷ ᠢᠶᠠᠷ ᠵᠢᠭᠠᠨ  ᠵᠢᠯᠤᠭᠤᠳᠤᠭᠤᠯᠵᠠᠢ᠃ ᠤᠳᠤ ᠦᠪᠦᠷ ᠮᠤᠩᠭᠣᠯ ‍ᠤᠨ ᠤᠷᠳᠤ ᠶ᠋ᠢᠨ ᠲᠠᠭᠤᠤ ᠶ᠋ᠢᠨ ᠸᠠᠩ ᠬᠡᠮᠡᠨ ᠴᠤᠯᠠᠯᠠᠭᠳᠠᠭᠰᠠᠨ ᠯᠾᠠᠰᠦ᠋ᠷᠦ᠋ᠩ ᠪᠠᠭᠰᠢ ᠶ᠋ᠢᠨ ᠵᠢᠯᠥᠭᠤᠳᠤᠯᠭ᠎ᠠ ᠪᠡᠷ 《 ᠮᠤᠩᠭᠣᠯ ᠤᠷᠳᠤ ᠶ᠋ᠢᠨ ᠲᠠᠭᠤᠤ 》 ᠶ᠋ᠢᠨ ᠲᠤᠬᠠᠢ ᠰᠤᠳᠤᠯᠭᠠᠨ ᠬᠢᠬᠦ ᠶ᠋ᠢᠨ ᠬᠠᠮᠳᠤ ᠤᠩᠨᠢᠭᠤᠳ ᠬᠤᠰᠢᠭᠤᠨ ‍ᠤ ᠪᠤᠷᠤᠬᠤᠳᠠ ᠮᠤᠩᠭᠣᠯ ᠲᠤᠮᠳᠠᠳᠤ ᠰᠤᠷᠭᠠᠭᠤᠯᠢ ᠳ᠋ᠤ 《 ᠤᠷᠳᠤ  ᠶ᠋ᠢᠨ ᠲᠠᠭᠤᠤ ᠶ᠋ᠢᠨ ᠠᠩᠬᠢ 》 ᠶ᠋ᠢᠨ ᠵᠢᠯᠥᠭᠤᠳᠤᠭᠴᠢ ᠪᠠᠭᠰᠢ ᠪᠡᠷ ᠤᠷᠢᠭᠳᠠᠵᠤ ᠵᠢᠭᠠᠨ ᠵᠢᠯᠥᠭᠤᠳᠴᠤ ᠪᠤᠢ᠃
       ᠤᠷᠠᠨᠴᠢᠮᠡᠭ ‍ᠤᠨ ᠲᠠᠭᠤᠤ ᠨᠢ ᠴᠠᠷᠠᠭ᠎ᠠ ᠦᠷᠭᠡᠨ᠂ ᠦᠩᠬᠡ ᠲᠤᠳᠤᠷᠠᠭᠤᠨ ᠰᠡᠳᠬᠢᠯᠬᠡ ᠤᠷᠬᠢᠯᠤᠮ᠎ᠠ ᠪᠠᠶᠢᠳᠠᠭ᠃ 《 ᠪᠠᠶᠠᠰᠬᠤᠯᠠᠩᠳᠤ ᠨᠠᠭᠠᠳᠤᠮ 》 ᠂ 《 ᠮᠦᠩᠬᠡ ᠲᠡᠭᠷᠢ 》 ᠂ 《 ᠵᠢᠢ ᠲᠠᠯ᠎ᠠ ᠶ᠋ᠢᠨ ᠭᠤᠷᠭᠤᠤᠯ 》 ᠂ 《 ᠰᠢᠷ᠎ᠠ ᠬᠠᠳᠠ》  ᠂ 《  ᠤᠭᠶᠤᠳᠠᠢ 》 ᠂ 《 ᠠᠷᠢᠬᠢᠨ  ᠲᠠᠭᠤᠤ 》 ᠂ 《 ᠬᠠᠶᠢᠷ᠎ᠠ ᠶ᠋ᠢᠨ ᠲᠠᠭᠤᠤ 》 ᠂ 《 ᠠᠮᠤᠭᠤᠯᠠᠩ ᠰᠠᠶᠢᠬᠠᠨ 》 ᠵᠡᠷᠬᠡ ᠲᠠᠭᠤᠤ ᠡᠴᠠ ᠲᠡᠬᠦᠨ ‍ᠤ ᠲᠠᠭᠤᠯᠠᠬᠤ ᠤᠷ᠎ᠠ ᠮᠡᠷᠬᠡᠵᠢᠯ ᠂ ᠦᠪᠡᠷᠮᠢᠴᠡ ᠤᠨᠴᠠᠯᠢᠭ ‍ᠢ ᠮᠡᠳᠡᠵᠤ ᠪᠤᠯᠤᠨ᠎ᠠ᠃
       2006 ᠤᠨ ᠳ᠋ᠤ 《 ᠬᠠᠶᠢᠷ᠎ᠠ ᠶ᠋ᠢᠨ ᠲᠠᠭᠤᠤ 》 ᠬᠡᠬᠦ ᠪᠦᠳᠦᠬᠡᠯ ‍ᠢᠶ᠋ᠡᠨ ᠨᠡᠶᠢᠳᠡᠯᠡᠵᠤ ᠂ 2012 ᠤᠨ ᠳ᠋ᠤ ᠤᠯᠠᠮᠵᠢᠯᠠᠯᠲᠤ ᠠᠷᠠᠳ ‍ᠤᠨ ᠲᠠᠭᠤᠤ ᠶ᠋ᠢᠨ ᠴᠤᠮᠤᠭ 《 ᠮᠤᠩᠭᠣᠯ ᠡᠭᠡᠰᠢᠭᠯᠡᠩ 》CD ᠪᠢᠴᠢᠯᠭᠡ ᠃
       2017 ᠤᠨ ᠳ᠋ᠤ ᠤᠷᠳᠤ ᠶ᠋ᠢᠨ ᠲᠠᠭᠤᠤ 《 ᠠᠮᠤᠭᠤᠯᠠᠩ ᠰᠠᠶᠢᠬᠠᠨ 》 ‍ᠢᠶ᠋ᠡᠨ ᠬᠡᠪᠯᠡᠬᠦᠯᠥᠨ ᠲᠠᠷᠬᠠᠭᠠᠵᠤ ᠂ 2018 ᠤᠨ ‍ᠤ 5  ᠰᠠᠷ᠎ᠠ ᠳ᠋ᠤ ᠂《 ᠬᠣᠩᠭᠣᠷ ᠦᠷ᠎ᠡ ᠮᠢᠨᠤ》 ᠭᠡᠬᠦ ᠪᠦᠬᠦᠳᠡ ᠨᠠᠶᠢᠷᠠᠮᠳᠠᠬᠤ ᠲᠤᠸᠠ ᠤᠯᠤᠰ ‍ᠤᠨ ᠠᠷᠠᠳ ‍ᠤᠨ ᠲᠠᠭᠤᠤ ᠵᠢ ᠲᠠᠭᠤᠯᠠᠨ ᠂ 《 ᠬᠠᠶᠢᠷ᠎ᠠ ᠶ᠋ᠢᠨ ᠲᠡᠯᠡᠬᠡᠢ 》 ᠬᠡᠬᠦ  ᠨᠡᠷᠡᠶᠢᠳᠤᠯ CD ᠪᠢᠴᠢᠯᠭᠡ ᠬᠢᠵᠠᠢ ᠃ ( ᠠᠯᠳᠠᠷᠳᠤ ᠲᠠᠭᠤᠤ ᠶ᠋ᠢᠨ ᠦᠬᠡ ᠵᠤᠬᠢᠶᠠᠭᠴᠢ ᠹᠠᠨ ᠰᠢᠶᠣᠣ ᠪᠢᠨ )
        ᠤᠷᠠᠨᠴᠢᠮᠡᠭ ᠤᠯᠠᠨ ᠤᠳᠠᠭ᠎ᠠ ᠲᠦᠪ ᠲᠸᠯᠸᠢᠰ᠂ ᠦᠪᠦᠷ ᠮᠤᠩᠭᠣᠯ ‍ᠤᠨ ᠤᠳᠤᠨ ᠲᠸᠯᠸᠢᠰ ‍ᠤᠨ ᠲᠤᠭᠯᠠᠯᠲᠠ ᠂ ᠦᠳᠡᠰᠢᠯᠬᠡ ᠳ᠋ᠤ ᠤᠷᠤᠯᠴᠠᠭᠰᠠᠨ ᠪᠦᠭᠡᠳ ᠂ ᠭᠤᠸᠠᠩᠰᠢ  ᠶ᠋ᠢᠨ ᠨᠠᠨᠨᠢᠩ ‍ᠤᠨ ᠤᠯᠠᠨ ᠤᠯᠤᠰ ‍ᠤᠨ ᠠᠷᠠᠳ ‍ᠤᠨ ᠲᠠᠭᠤᠤ ᠤᠷᠠᠯᠢᠭ ‍ᠤᠨ ᠪᠠᠶᠠᠷ ᠵᠡᠷᠬᠡ ᠲᠡᠯᠡᠬᠡᠢ ᠶ᠋ᠢᠨ ᠪᠤᠯᠤᠨ ᠤᠷᠤᠨ ᠨᠤᠳᠤᠭ ‍ᠤᠨ ᠲᠠᠭᠤᠤ ᠤᠷᠠᠯᠢᠭ ‍ᠤᠨ ᠠᠵᠢᠯᠯᠠᠭ᠎ᠠ᠂ ᠨᠡᠶᠢᠬᠡᠮ ‍ᠤᠨ ᠠᠰᠠᠷᠠᠮᠵᠢ ᠶ᠋ᠢᠨ ᠲᠤᠭᠯᠠᠯᠲᠠ ᠳ᠋ᠤ ᠤᠷᠤᠯᠴᠠᠨ ᠬᠠᠨᠳᠢᠪ ᠤᠷᠤᠭᠤᠯᠤᠭᠰᠠᠨ ᠂ ᠤᠷᠴᠢᠮ ᠲᠡᠯᠡᠬᠡᠢ ᠶ᠋ᠢᠨ ᠤᠷᠠᠯᠢᠭ ‍ᠤᠨ ᠲᠠᠪᠴᠠᠩ ᠳ᠋ᠤ ᠠᠪᠢᠶᠠᠰ ‍ᠢᠶ᠋ᠡᠨ ᠰᠤᠷᠢᠨ ᠂ ᠠᠮᠸᠷᠢᠺᠠ᠂ ᠭᠸᠷᠮᠠᠨ᠂ ᠺᠠᠨᠠᠳᠠ ᠯᠢᠲ᠋ᠸ᠎ᠠ᠂ ᠮᠤᠩᠭᠣᠯ ᠵᠡᠷᠭᠡ ᠤᠯᠤᠰ ᠤᠷᠤᠨ ‍ᠢᠶ᠋ᠡᠷ ᠬᠦᠷᠴᠤ᠂ ᠮᠤᠩᠭᠣᠯ ᠤᠷᠳᠤ ᠶ᠋ᠢᠨ ᠲᠠᠭᠤᠤ ᠪᠠᠨ ᠤᠯᠠᠮᠵᠢᠯᠠᠨ ᠤᠬᠠᠭᠤᠯᠵᠤ ᠢᠷᠡᠵᠠᠢ᠃
       2018 ᠣᠨ ᠳ᠋ᠤ《ᠨᠡᠶᠢᠲᠡ ᠶ᠋ᠢᠨ ᠠᠰᠠᠷᠠᠮᠵᠢ ᠶ᠋ᠢᠨ ᠦᠳᠡᠰᠢᠯᠡᠭᠡ》 ᠠᠷᠪᠠᠳᠤᠭᠠᠷ ᠬᠤᠭᠤᠴᠠᠭᠠᠨ ᠤ ᠨᠡᠶᠢᠲᠡ ᠶ᠋ᠢᠨ ᠠᠰᠠᠷᠠᠮᠵᠢ ᠳᠤᠮᠳᠠᠳᠤ ᠶ᠋ᠢᠨ ᠵᠢᠯ ᠦᠨ ᠡᠴᠦᠰ ᠦᠨ ᠱᠠᠩᠨᠠᠯ  ᠣᠯᠭᠤᠬᠤ ᠶᠣᠰᠣᠯᠠᠯ ᠳ᠋ᠤ ᠬᠠᠮᠤᠭ ᠡᠴᠠ ᠰᠢᠯᠭᠠᠷᠠᠭᠰᠠᠨ ᠨᠡᠶᠢᠭᠡᠮ ᠦᠨ ᠬᠠᠷᠢᠭᠤᠴᠠᠯᠭ᠎ᠠ ᠶ᠋ᠢᠨ ᠣᠳᠣᠨ ᠱᠠᠩᠨᠠᠯ ᠢ ᠲᠣᠰᠴᠠᠢ ᠃ ᠮᠦᠨ ᠲᠤᠰ ᠵᠢᠯ  ᠠᠮᠸᠷᠢᠺᠠ ᠳ᠋ᠤ ᠬᠦᠷᠴᠦ᠂  ᠠᠮᠸᠷᠢᠺᠠ ᠪᠣᠯᠣᠨ ᠳᠤᠮᠳᠠᠳᠤ ᠶ᠋ᠢᠨ ᠬᠦᠮᠦᠨ ᠤ ᠠᠰᠠᠷᠠᠮᠵᠢ ᠶ᠋ᠢᠨ ᠦᠳᠡᠰᠢᠯᠡᠭᠡ ᠳ᠋ᠦ ᠣᠷᠣᠯᠴᠠᠨ᠂ ᠠᠮᠸᠷᠢᠺᠠ ᠳ᠋ᠤ ᠳᠤᠮᠳᠠᠳᠤ ᠶ᠋ᠢᠨ ᠬᠦᠮᠦᠨ ᠤ ᠰᠣᠶᠣᠯ ᠰᠤᠷᠭᠠᠨ ᠬᠦᠮᠦᠵᠢᠯ ᠦᠨ ᠰᠠᠭᠤᠷᠢ ᠮᠦᠩᠭᠦᠨ ᠤ ᠨᠡᠶᠢᠭᠡᠮᠯᠢᠭ ᠦᠨ ᠠᠰᠠᠷᠠᠮᠵᠢ ᠶ᠋ᠢᠨ ᠦᠢᠯᠡᠰ ᠦᠨ ᠤᠬᠠᠭᠤᠯᠤᠨ ᠳᠡᠯᠭᠡᠷᠡᠭᠦᠯᠬᠦ ᠲᠦᠯᠦᠭᠡᠨ ᠤ ᠳᠠᠭᠤᠴᠢᠨ ᠪᠣᠯᠵᠠᠢ ᠃ ᠡᠶᠢᠨᠬᠦ ᠮᠣᠩᠭᠣᠯ ᠤᠷᠲᠤ ᠶ᠋ᠢᠨ ᠳᠠᠭᠤᠤ ᠶ᠋ᠢ ᠳᠠᠯᠡᠬᠡᠢ  ᠳ᠋ᠠᠬᠢᠨ᠎ᠠ  ᠳᠠᠭᠤᠷᠢᠰᠤᠭᠤᠯᠤᠨ ᠡᠯ᠎ᠡ ᠡᠲᠡᠭᠡᠳ ᠦᠨ ᠬᠠᠯᠠᠭᠤᠨ ᠬᠦᠷᠢᠶᠡᠯᠡᠯ ᠢ ᠣᠯᠵᠠᠢ᠃

ᠣᠷᠠᠯᠢᠭᠴᠢᠨ ‍ᠣ ᠴᠤᠮᠤᠭ

ᠮᠣᠩᠭᠣᠯ ᠡᠭᠡᠰᠢᠭᠯᠡᠭ ᠲᠠᠭᠤᠴᠢᠨ ᠄ ᠤᠷᠠᠨᠴᠢᠮᠡᠭ ᠣᠩᠰᠢᠭᠰᠠᠨ ᠤᠳᠠᠭ᠎ᠠ ᠄ 528