ᠡᠬᠢᠯᠡᠯ  —   ᠣᠷᠠᠯᠢᠭᠴᠢᠨ   —   ᠱᠠᠭᠳᠠᠷ

ᠱᠠᠭᠳᠠᠷ ᠬᠠᠳᠠᠭᠠᠯᠠᠬᠤ ᠲᠠᠭᠤᠤ᠄ 2 ᠴᠣᠮᠣᠭ᠄ 0 ᠲᠠᠶᠢᠯᠪᠣᠷᠢ᠄ ᠬᠥᠭᠵᠢᠮᠴᠢᠨ ᠣᠩᠰᠢᠭᠰᠠᠨ ᠤᠳᠠᠭ᠎ᠠ᠄ 1019

ᠣᠷᠠᠯᠢᠭᠴᠢᠨ ‍ᠣ ᠨᠠᠮᠳᠠᠷ

      ᠱᠠᠭᠳᠠᠷ᠂ ᠪᠠᠷᠠᠭᠤᠨ ᠦᠵᠦᠮᠦᠴᠢᠨ ᠬᠤᠰᠢᠭᠤᠨ ᠳ᠋ᠤ ᠲᠦᠷᠦᠭᠰᠡᠨ᠂ ᠰᠢᠯᠢ ᠶ᠋ᠢᠨ ᠭᠤᠤᠯ ᠠᠶᠢᠮᠠᠭ ‍ᠤᠨ ᠦᠨᠳᠦᠰᠦᠳᠡᠨ ‍ᠤ ᠲᠠᠭᠤᠤ ᠪᠦᠵᠢᠭ ‍ᠤᠨ ᠪᠦᠯᠬᠦᠮ ‍ᠤᠨ ᠬᠦᠭᠵᠢᠮ ‍ᠤᠨ ᠠᠩᠬᠢ ᠶ᠋ᠢᠨ ᠤᠯᠤᠰ ‍ᠤᠨ ᠬᠤᠶᠠᠳᠤᠭᠠᠷ ᠲᠡᠰ ‍ᠤᠨ ᠲᠤᠭᠯᠠᠭᠴᠢ᠃ ᠲᠤᠮᠳᠠᠳᠤ ᠤᠯᠤᠰ ‍ᠤᠨ ᠮᠤᠷᠢᠨ ᠬᠤᠭᠤᠷ ‍ᠤᠨ ᠡᠷᠳᠡᠮ ᠰᠢᠨᠵᠢᠯᠡᠭᠡᠨ ‍ᠤ ᠨᠡᠶᠢᠬᠡᠮᠯᠢᠭ ‍ᠤᠨ ᠬᠡᠷᠢᠭ ᠡᠷᠬᠢᠯᠡᠭᠴᠢ᠂ ᠦᠪᠦᠷ ᠮᠣᠩᠭᠣᠯ ‍ᠤᠨ ᠲᠠᠭᠤᠤ ᠬᠦᠭᠵᠢᠮᠴᠢᠳ ‍ᠤᠨ ᠨᠡᠶᠢᠬᠡᠮᠯᠢᠭ ‍ᠤᠨ  ᠬᠡᠰᠢᠬᠦᠨ᠂ ᠦᠪᠦᠷ ᠮᠤᠩᠭᠤᠯ ‍ᠤᠨ ᠤᠯᠠᠭᠠᠨᠮᠦ᠋ᠴᠢᠷ ‍ᠤᠨ ᠨᠡᠶᠢᠬᠡᠮᠯᠢᠭ ‍ᠤᠨ ᠬᠡᠰᠢᠭᠦᠨ᠂ ᠰᠢᠯᠢ  ᠶ᠋ᠢᠨ ᠭᠤᠤᠯ ᠠᠶᠢᠮᠠᠭ ‍ᠤᠨ ᠲᠠᠭᠤᠤ ᠬᠦᠭᠵᠢᠮᠴᠢᠳ ‍ᠤᠨ ᠨᠡᠶᠢᠬᠡᠮᠯᠢᠭ ‍ᠤᠨ ᠬᠡᠰᠢᠭᠦᠨ᠂ ᠰᠢᠯᠢ ᠶ᠋ᠢᠨ ᠭᠤᠤᠯ ᠠᠶᠢᠮᠠᠭ ‍ᠤᠨ ᠮᠤᠷᠢᠨ ᠬᠤᠭᠤᠷᠴᠢᠳ ‍ᠤᠨ ᠨᠡᠶᠢᠬᠡᠮᠯᠢᠭ ‍ᠤᠨ ᠲᠡᠷᠢᠭᠦᠯᠡᠭᠴᠢ᠂ ᠰᠢᠯᠢ ᠶ᠋ᠢᠨ ᠭᠤᠤᠯ ᠠᠶᠢᠮᠠᠭ ‍ᠤᠨ ᠦᠨᠳᠦᠰᠦᠳᠡᠨ ‍ᠤ ᠲᠠᠭᠤᠤ ᠪᠦᠵᠢᠭ ‍ᠤᠨ ᠪᠦᠯᠬᠦᠮ ‍ᠤᠨ ᠬᠦᠭᠵᠢᠮ ‍ᠤᠨ ᠠᠩᠬᠢ ᠶ᠋ᠢᠨ ᠲᠠᠷᠤᠭ᠎ᠠ ᠵᠡᠷᠭᠡ ᠨᠡᠶᠢᠬᠡᠮ ‍ᠤᠨ ᠲᠤᠰᠢᠶᠠᠯ ᠡᠭᠦᠷᠭᠡᠯᠡᠵᠤ ᠪᠠᠶᠢᠨ᠎ᠠ᠃
      1990 ᠤᠨ ‍ᠤ 7 ᠰᠠᠷ᠎ᠠ ᠳ᠋ᠤ ᠪᠠᠷᠠᠭᠤᠨ ᠦᠵᠦᠮᠦᠴᠢᠨ ᠬᠤᠰᠢᠭᠤᠨ ‍ᠤ ᠤᠯᠠᠭᠠᠨᠮᠦ᠋ᠴᠢᠷ ᠲᠤ ᠠᠵᠢᠯ ‍ᠤᠨ ᠭᠠᠷᠤᠭ᠎ᠠ ᠠᠪᠤᠪᠠ᠃ 2004 ᠤᠨ ᠳ᠋ᠤ ᠠᠵᠢᠯ ‍ᠤᠨ ᠴᠢᠬᠤᠯᠠᠴᠢᠯᠠᠭ᠎ᠠ ᠪᠠᠷ ᠰᠢᠯᠢ ᠶ᠋ᠢᠨ ᠭᠤᠤᠯ ᠠᠶᠢᠮᠠᠭ ‍ᠤᠨ ᠦᠨᠳᠦᠰᠦᠳᠡᠨ ‍ᠤ ᠲᠠᠭᠤᠤ ᠪᠦᠵᠢᠭ ‍ᠤᠨ ᠪᠦᠯᠬᠦᠮ ᠳ᠋ᠤ ᠠᠵᠢᠯ ᠰᠢᠯᠵᠢᠪᠡ᠃ 1996 ᠤᠨ ‍ᠤ 7 ᠰᠠᠷ᠎ᠠ ᠳ᠋ᠤ ᠪᠦᠬᠦ ᠠᠶᠢᠮᠠᠭ ‍ᠤᠨ ᠠᠷᠪᠠᠨ ᠨᠢᠭᠡᠳᠦᠭᠡᠷ ᠬᠤᠭᠤᠴᠠᠭᠠᠨ ‍ᠤ ᠤᠯᠠᠭᠠᠨᠮᠦ᠋ᠴᠢᠷ ‍ᠤᠨ ᠠᠳᠠᠯᠢᠳᠬᠠᠨ ᠰᠢᠯᠭᠠᠷᠠᠭᠤᠯᠳᠠ ᠳ᠋ᠤ ᠮᠤᠷᠢᠨ ᠬᠤᠭᠤᠷ ‍ᠤᠨ ᠭᠣᠴᠣᠯᠠᠯ 《 ᠰᠠᠷᠠ ᠲᠠᠢ ᠬᠦᠳᠡᠭᠡ 》 ᠠᠶᠠᠯᠭᠤ ᠪᠠᠷ ᠬᠤᠶᠠᠳᠤᠭᠠᠷ ᠲᠡᠰ ‍ᠤᠨ ᠱᠠᠩᠨᠠᠯ ᠭᠠᠷᠳᠠᠪᠠ᠃ 1999 ᠤᠨ ‍ᠤ 9 ᠰᠠᠷ᠎ᠠ ᠳ᠋ᠤ ᠪᠦᠬᠦ ᠠᠶᠢᠮᠠᠭ ‍ᠤᠨ ᠠᠩᠬᠠᠳᠠᠭᠴᠢ ᠤᠳᠠᠭᠠᠨ ‍ᠤ ᠮᠤᠷᠢᠨ ᠬᠤᠭᠤᠷ ‍ᠤᠨ ᠤᠷᠤᠯᠳᠤᠭᠠᠨ ᠳ᠋ᠤ ᠭᠤᠴᠤᠯᠠᠯ ᠠᠶᠠᠯᠭᠤ 《 ᠠᠯᠤᠰ ‍ᠤᠨ ᠤᠳᠤᠷ 》 ᠢᠶᠠᠷ ᠭᠤᠳᠠᠭᠠᠷ ᠲᠡᠰ ‍ᠤᠨ ᠱᠠᠩᠨᠠᠯ ᠬᠦᠷᠳᠡᠪᠡ᠃ 2004 ᠤᠨ ‍ᠤ 7 ᠰᠠᠷ᠎ᠠ ᠳ᠋ᠤ ᠪᠦᠬᠦ ᠤᠷᠤᠨ ‍ᠤ 《 ᠮᠦᠩᠬᠡ ᠴᠤᠤᠷᠢᠶ᠎ᠠ 》 ᠮᠤᠷᠢᠨ ᠬᠤᠭᠤᠷ ‍ᠤᠨ ᠤᠷᠤᠯᠳᠤᠭᠠᠨ ᠳ᠋ᠤ ᠭᠤᠴᠤᠯᠠᠯ ᠠᠶᠠᠯᠭᠤ 《 ᠪᠠᠭᠠᠳᠤᠷ ᠠᠳᠤᠭᠤᠴᠢᠨ 》 ᠢᠶᠠᠷ ᠨᠢᠭᠡᠳᠦᠭᠡᠷ ᠲᠡᠰ ‍ᠤᠨ ᠱᠠᠩᠨᠠᠯ ᠭᠠᠷᠳᠠᠪᠠ᠃ 2007 ᠤᠨ ‍ᠤ 7 ᠰᠠᠷ᠎ᠠ ᠳ᠋ᠤ ᠪᠠᠷᠠᠭᠤᠨ ᠰᠥᠨᠢᠳ ᠬᠣᠰᠢᠭᠤᠨ ᠳ᠋ᠤ ᠪᠤᠯᠤᠭᠰᠡᠨ ᠪᠦᠬᠦ ᠠᠶᠢᠮᠠᠭ ‍ᠤᠨ ᠤᠯᠠᠭᠠᠨᠮᠦ᠋ᠴᠢᠷ ‍ᠤᠨ ᠰᠤᠩᠭᠤᠳᠠᠭ ᠲᠤᠭᠯᠠᠯᠳᠠ ᠳ᠋ᠤ ᠮᠤᠷᠢᠨ ᠬᠤᠭᠤᠷ ‍ᠤᠨ ᠭᠤᠴᠤᠯᠠᠯ 《 ᠰᠢᠯᠢ ᠶ᠋ᠢᠨ ᠭᠤᠤᠯ ‍ᠤᠨ ᠤᠶᠠᠩᠭ᠎ᠠ 》 ᠠᠶᠠᠯᠭᠤ ᠪᠠᠷ ᠨᠢᠭᠡᠳᠦᠭᠡᠷ ᠲᠡᠰ ‍ᠤᠨ ᠱᠠᠩᠨᠠᠯ ᠭᠠᠷᠳᠠᠪᠠ᠃

ᠣᠷᠠᠯᠢᠭᠴᠢᠨ ‍ᠣ ᠴᠤᠮᠤᠭ

ᠤᠷᠠᠯᠢᠭᠴᠢᠨ ᠴᠣᠮᠣᠭ ᠪᠠᠶᠢᠬᠤ ᠦᠭᠡᠢ᠃