ᠡᠬᠢᠯᠡᠯ  —   ᠣᠷᠠᠯᠢᠭᠴᠢᠨ   —   ᠤᠯᠠᠭᠠᠨᠲᠤᠶᠠᠭ᠎ᠠ

ᠤᠯᠠᠭᠠᠨᠲᠤᠶᠠᠭ᠎ᠠ ᠬᠠᠳᠠᠭᠠᠯᠠᠬᠤ ᠲᠠᠭᠤᠤ᠄ 2 ᠴᠣᠮᠣᠭ᠄ 0 ᠲᠠᠶᠢᠯᠪᠣᠷᠢ᠄ ᠢᠷᠠᠭᠤ ᠨᠠᠶᠢᠷᠠᠭᠴᠢ ᠣᠩᠰᠢᠭᠰᠠᠨ ᠤᠳᠠᠭ᠎ᠠ᠄ 593

ᠣᠷᠠᠯᠢᠭᠴᠢᠨ ‍ᠣ ᠨᠠᠮᠳᠠᠷ

    ᠤᠯᠠᠭᠠᠨᠲᠤᠶᠠᠭ᠎ᠠ᠂ ᠰᠢᠯᠢ ᠶ᠋ᠢᠨ ᠭᠤᠤᠯ ᠠᠶᠢᠮᠠᠭ ᠤᠨ ᠠᠪᠠᠭ᠎ᠠ ᠬᠤᠰᠢᠭᠤ ᠪᠠᠷ ᠨᠤᠳᠤᠭ ᠲᠠᠢ᠃ 1971 — 1975 ᠤᠨ ᠳ᠋ᠤ ᠰᠢᠯᠢ ᠶ᠋ᠢᠨ ᠭᠤᠤᠯ ᠠᠶᠢᠮᠠᠭ ᠤᠨ ᠠᠪᠠᠭ᠎ᠠ ᠬᠤᠰᠢᠭᠤᠨ ᠤ ᠤᠯᠠᠭᠠᠨᠮᠥ᠋ᠴᠢᠷ ᠲᠤ ᠠᠵᠢᠯᠠᠯᠠᠵᠦ᠂ 1975 — 1987 ᠤᠨ ᠳ᠋ᠤ ᠤᠯᠠᠭᠠᠨᠮᠥ᠋ᠴᠢᠷ ‍ᠤᠨ ᠦᠨᠳᠤᠰᠤᠨ ᠪᠤᠯᠪᠠᠰᠤᠷᠠᠯ ᠤᠨ ᠰᠤᠷᠭᠠᠬᠴᠢ ᠶ᠋ᠢᠨ ᠳᠤᠰᠢᠶᠠᠯ ᠢ ᠬᠠᠪᠰᠤᠷᠭᠠᠪᠠ᠃ 1987 — 1990 ᠤᠨ ᠳ᠋ᠤ ᠠᠪᠠᠭ᠎ᠠ ᠬᠤᠰᠢᠭᠤᠨ ᠤ ᠤᠯᠠᠭᠠᠨᠮᠥ᠋ᠴᠢᠷ ᠦᠨ ᠳᠤᠬᠠᠶᠢᠯᠠᠬᠰᠠᠨ ᠠᠵᠢᠯ ᠢ ᠬᠤᠪᠢᠳᠠᠨ ᠬᠠᠮᠢᠶᠠᠷᠠᠬᠤ ᠳᠡᠳ᠋ ᠳᠠᠷᠤᠭ᠎ᠠ ᠶ᠋ᠢᠨ ᠳᠤᠰᠢᠶᠠᠯ ᠢ ᠬᠠᠷᠢᠭᠤᠴᠠᠪᠠ᠃ 1990 — 2005 ᠤᠨ ᠳᠤ ᠠᠪᠠᠭ᠎ᠠ ᠬᠤᠰᠢᠭᠤᠨ ᠤ ᠰᠤᠶᠤᠯ ᠳᠠᠮᠢᠷ ᠤᠨ ᠤᠷᠳᠤᠨ ᠳ᠋ᠤ ᠠᠵᠢᠯᠠᠯᠠᠵᠦ ᠪᠠᠶᠢᠵᠠᠢ᠃
     ᠳᠡᠬᠦᠨ ᠦ ᠵᠤᠬᠢᠶᠠᠨ ᠪᠦᠳᠦᠬᠡᠵᠦ᠂ ᠤᠳᠤᠷᠢᠳᠤᠭᠠᠵᠤ ᠳᠤᠬᠯᠠᠬᠰᠠᠨ 《 ᠰᠤᠷᠭᠠᠭᠤᠯᠢ ᠳ᠋ᠤ ᠤᠷᠤᠬᠤ ᠡᠴᠠ ᠡᠮᠦᠨ᠎ᠡ 》 ᠪᠦᠵᠢᠭ ᠨᠢ 1976 ᠤᠨ ᠳ᠋ᠤ ᠤᠷᠤᠨ ᠤ ᠵᠤᠬᠢᠶᠠᠨ ᠪᠦᠳᠦᠬᠡᠯᠬᠡ ᠶ᠋ᠢᠨ ᠨᠢᠬᠡᠳᠤᠬᠡᠷ ᠳᠡᠰ ᠦᠨ ᠱᠠᠩᠨᠠᠯ᠂ ᠳᠤᠬᠯᠠᠯᠳᠠ ᠶ᠋ᠢᠨ ᠨᠢᠬᠡᠳᠤᠬᠡᠷ ᠳᠡᠰ ᠦᠨ ᠱᠠᠩᠨᠠᠯ ‍ᠢ ᠬᠦᠷᠳᠡᠵᠠᠢ᠃ ᠳᠡᠬᠦᠨ ᠦ ᠨᠠᠶᠢᠷᠠᠭᠤᠯᠦᠨ ᠤᠳᠤᠷᠢᠳᠤᠬᠰᠠᠨ ᠪᠦᠵᠢᠭ 《 ᠵᠤᠯᠵᠠᠭ᠎ᠠ ᠪᠦᠷᠬᠦᠳ ᠦᠨ ᠳᠡᠪᠢᠯᠬᠡ 》 ᠨᠢ ᠪᠦᠬᠦ ᠠᠶᠢᠮᠠᠭ ᠤᠨ ᠨᠢᠬᠡᠳᠤᠬᠡᠷ ᠳᠡᠰ ᠦᠨ ᠱᠠᠩᠨᠠᠯ ᠬᠦᠷᠳᠡᠪᠡ᠃ ᠱᠤᠭ ᠵᠦᠴᠤᠬᠡ 《 ᠪᠠᠶᠠᠨ ᠨᠠᠮᠤᠷ 》 ᠨᠢ 1985 ᠤᠨ ᠳ᠋ᠤ ᠤᠷᠤᠨ ᠤ ᠳᠤᠬᠯᠠᠯᠳᠠ ᠶ᠋ᠢᠨ ᠭᠤᠷᠪᠠᠳᠤᠭᠠᠷ ᠳᠡᠰ ᠦᠨ ᠱᠠᠩᠨᠠᠯ ᠬᠦᠷᠳᠡᠪᠡ᠃ ᠭᠤᠷᠪᠠᠯᠠᠯ ᠪᠦᠵᠢᠭ 《 ᠨᠢᠯᠬ᠎ᠠ ᠰᠦᠶ᠎ᠡ 》 ᠨᠢ ᠪᠦᠬᠦ ᠠᠶᠢᠮᠠᠭ ᠤᠨ ᠵᠤᠬᠢᠶᠠᠨ ᠪᠦᠳᠦᠬᠡᠯᠬᠡ ᠶ᠋ᠢᠨ ᠨᠢᠬᠡᠳᠤᠬᠡᠷ ᠳᠡᠰ ᠦᠨ ᠱᠠᠩᠨᠠᠯ ᠪᠠ ᠰᠢᠯᠢᠳᠡᠭ ᠳᠤᠬᠯᠠᠬᠴᠢ ᠶ᠋ᠢᠨ ᠱᠠᠩᠨᠠᠯ ᠬᠦᠷᠳᠡᠪᠡ᠃ ᠬᠠᠮᠳᠤ ᠶ᠋ᠢᠨ ᠪᠦᠵᠢᠭ 《 ᠰᠠᠭᠠᠳᠠᠬᠴᠢᠳ 》᠂ 《 ᠪᠠᠶᠠᠨ ᠭᠤᠤᠯ ᠤᠨ ᠬᠦᠪᠡᠬᠡᠨ ᠳ᠋ᠦ 》᠂ ᠬᠤᠤᠰᠯᠠᠯ ᠪᠦᠵᠢᠭ 《 ᠠᠳᠤᠭᠤᠴᠢᠨ ᠤ ᠪᠠᠶᠠᠰᠤᠯ 》᠂ ᠪᠤᠭᠤᠨᠢ ᠳᠠᠭᠤᠯᠠᠯᠳᠦ ᠵᠦᠴᠦᠬᠡ 《 ᠰᠠᠨᠵᠢᠳᠮ᠎ᠠ 》 ᠪᠠ ᠭᠤᠴᠤᠯᠠᠯ ᠪᠦᠵᠢᠭ 《 ᠰᠡᠳᠬᠢᠯ ᠦᠨ ᠳᠠᠭᠤᠨ ᠢᠶᠡᠨ ᠨᠠᠮ ᠳ᠋ᠠᠭᠠᠨ 》 ᠨᠢ ᠳᠤᠰᠪᠦᠷᠢ ᠪᠦᠬᠦ ᠠᠶᠢᠮᠠᠭ ᠤᠨ ᠰᠤᠶᠤᠯ ᠤᠷᠠᠯᠢᠭ ᠤᠨ ᠳᠤᠬᠯᠠᠯᠳᠠ ᠳ᠋ᠤ ᠬᠤᠶᠠᠳᠤᠭᠠᠷ ᠳᠡᠰ ᠦᠨ ᠱᠠᠩᠨᠠᠯ ᠬᠦᠷᠳᠡᠪᠡ᠃ 1983 ᠤᠨ ᠡᠴᠠ ᠡᠬᠢᠯᠡᠨ 22 ᠵᠢᠯ ᠳᠠᠷᠠᠭᠠᠯᠠᠨ ᠠᠪᠠᠭ᠎ᠠ ᠬᠤᠰᠢᠭᠤᠨ ᠤ ᠤᠯᠤᠰ ᠳᠦᠷᠦ ᠶ᠋ᠢᠨ ᠵᠦᠪᠯᠠᠯᠬᠡᠨ ᠤ ᠬᠡᠰᠢᠬᠦᠨ ᠢᠶ᠋ᠡᠷ ᠰᠤᠩᠭᠤᠬᠳᠠᠵᠠᠢ᠃

ᠣᠷᠠᠯᠢᠭᠴᠢᠨ ‍ᠣ ᠴᠤᠮᠤᠭ

ᠤᠷᠠᠯᠢᠭᠴᠢᠨ ᠴᠣᠮᠣᠭ ᠪᠠᠶᠢᠬᠤ ᠦᠭᠡᠢ᠃