ᠡᠬᠢᠯᠡᠯ  —   ᠣᠷᠠᠯᠢᠭᠴᠢᠨ   —   ᠶᠣᠩᠳᠣᠨ ᠤ ᠡᠷᠳᠡᠨᠢᠲᠣᠭᠲᠠᠬᠣ

ᠶᠣᠩᠳᠣᠨ ᠤ ᠡᠷᠳᠡᠨᠢᠲᠣᠭᠲᠠᠬᠣ ᠬᠠᠳᠠᠭᠠᠯᠠᠬᠤ ᠲᠠᠭᠤᠤ᠄ 124 ᠴᠣᠮᠣᠭ᠄ 3 ᠲᠠᠶᠢᠯᠪᠣᠷᠢ᠄ ᠢᠷᠠᠭᠤ ᠨᠠᠶᠢᠷᠠᠭᠴᠢ ᠣᠩᠰᠢᠭᠰᠠᠨ ᠤᠳᠠᠭ᠎ᠠ᠄ 1636

ᠣᠷᠠᠯᠢᠭᠴᠢᠨ ‍ᠣ ᠨᠠᠮᠳᠠᠷ

     ᠢᠷᠠᠭᠤ ᠨᠠᠶᠢᠷᠠᠭᠴᠢ ᠶᠣᠩᠳᠣᠨ ‍ᠤ ᠡᠷᠳᠡᠨᠢᠲᠣᠭᠲᠠᠬᠤ᠂ 1961 ᠣᠨ ᠳᠦ ᠰᠥᠨᠢᠳ ᠵᠡᠭᠦᠨ ᠬᠣᠰᠢᠭᠤᠨ ‍ᠤ ᠳᠡᠯᠭᠡᠷᠬᠠᠨ ᠰᠣᠮᠣᠨ ‍ᠤ ᠪᠠᠶᠠᠨᠳᠡᠯᠭᠡᠷ ᠪᠠᠷᠢᠭᠠᠳᠠ ᠶ᠋ᠢᠨ ᠳᠤᠮᠳᠠ ᠡᠯᠡᠰᠦᠲᠡᠢ ᠭᠡᠬᠦ ᠨᠤᠲᠤᠭ ᠲᠤ ᠮᠠᠯᠴᠢᠨ ᠶᠣᠩᠳᠣᠨ ‍ᠤ ᠬᠥᠪᠡᠭᠦᠨ ᠪᠣᠯᠣᠨ ᠵᠠᠶᠠᠭᠠᠵᠠᠢ᠃ 1980 ᠣᠨ ᠡᠴᠠ ᠡᠬᠢᠯᠡᠨ ᠰᠢᠯᠦᠭ ᠨᠠᠶᠢᠷᠠᠭ ᠪᠢᠴᠢᠵᠦ ᠡᠳᠦᠭᠡ ᠪᠣᠯᠲᠠᠯ᠎ᠠ 《 ᠶᠡᠬᠡ ᠲᠡᠮᠡᠴᠢ ᠶ᠋ᠢᠨ ᠲᠡᠭᠷᠢ 》᠂ 《 ᠭᠢᠯᠦᠭᠡᠨ ᠪᠠᠭᠠᠲᠤᠷ ‍ᠤᠨ ᠰᠥᠨᠢᠳ 》᠂ 《 ᠡᠷᠲᠡᠨ ‍ᠤ ᠪᠠᠭᠠᠲᠤᠷ ‍ᠤᠨ ᠱᠣᠩᠬᠣᠷ 》᠂ 《 ᠵᠥᠪ ᠰᠠᠨᠠᠭᠠᠲᠠᠢ ᠭᠣᠣᠯ 》᠂ 《 ᠨᠠᠷᠢᠨ ᠰᠢᠷᠭ᠎ᠠ 》᠂ 《 ᠳᠠᠭᠤᠤ ᠲᠠᠢ ᠦᠢᠯᠡᠰ ᠲᠠᠢ ᠬᠠᠨᠢᠯᠠᠶ᠎ᠠ 》᠂ 《 ᠰᠢᠯᠥᠭ ‍ᠤᠨ ᠡᠭᠦᠯᠡ 》᠂ 《 ᠲᠦᠮᠡᠳ 》 ᠵᠡᠷᠭᠡ ᠰᠢᠯᠥᠭ ‍ᠤᠨ ᠨᠣᠮ᠂ 《 ᠰᠥᠨᠢᠳ ‍ᠤᠨ ᠤᠯᠠᠭᠠᠨ ᠢᠳᠡᠭᠡᠨ ‍ᠤ ᠤᠯᠠᠮᠵᠢᠯᠠᠯᠲᠤ ᠶᠣᠰᠣ ᠵᠠᠩᠰᠢᠯ 》᠂ 《 ᠰᠥᠨᠢᠳ ᠠᠷᠠᠳ ‍ᠤᠨ ᠠᠮᠠᠨ ᠦᠯᠢᠭᠡᠷ ‍ᠤᠨ ᠲᠡᠭᠦᠪᠦᠷᠢ 》 ᠵᠡᠷᠭᠡ ᠨᠣᠮ ᠵᠣᠬᠢᠶᠠᠯ ᠬᠢᠭᠡᠳ 《 ᠬᠢᠯᠦᠭᠡᠨ ᠪᠠᠭᠠᠲᠤᠷ 》᠂ 《 ᠪᠤᠭᠤᠷᠴᠢ ᠶ᠋ᠢᠨ ᠲᠠᠯ᠎ᠠ 》᠂ 《 ᠰᠢᠪᠠᠭᠤᠨ ᠠᠷᠠᠯ 》 ᠂ 《 ᠦᠢᠯᠡᠰ ᠰᠡᠷᠮᠡᠭᠦᠨ ᠬᠠᠩᠭᠠᠢ 》᠂ 《 ᠭᠠᠶᠢᠬᠠᠮᠰᠢᠭᠲᠤ ᠰᠥᠨᠢᠳ 》᠂ 《 ᠡᠵᠢ ᠨᠤᠲᠤᠭ 》᠂ 《 ᠨᠤᠲᠤᠭ ‍ᠤᠨ ᠴᠢᠯᠠᠭᠤ 》᠂ 《 ᠠᠭᠤᠳᠠᠮ ᠲᠡᠮᠡᠴᠢ 》 ᠵᠡᠷᠭᠡ ᠳᠠᠭᠤᠤ ᠶ᠋ᠢᠨ ᠲᠤᠰᠬᠠᠢ ᠴᠣᠮᠣᠭ ‍ᠤᠳ ᠢᠶᠡᠨ ᠬᠡᠪᠯᠡᠭᠦᠯᠵᠡᠢ᠃
    1997 ᠣᠨ ᠳᠦ ᠥᠪᠥᠷ ᠮᠣᠩᠭᠣᠯ ‍ᠤᠨ 《 ᠤᠶᠠᠩᠭ᠎ᠠ ᠶ᠋ᠢᠨ ᠮᠥᠰᠢᠶᠡᠯ 》 ᠷᠠᠳᠢᠣ᠋ ᠰᠢᠯᠦᠭ ‍ᠤᠨ ᠨᠠᠭᠠᠳᠤᠮ ‍ᠤᠨ ᠲᠡᠷᠢᠭᠦᠨ ᠪᠠᠶᠢᠷᠢ ᠶ᠋ᠢᠨ ᠱᠠᠩᠨᠠᠯ᠂ 2001 ᠣᠨ ᠳᠦ 《 ᠮᠥᠩᠬᠡ ᠲᠡᠭᠷᠢ 》 ᠢᠷᠠᠭᠤ ᠨᠠᠭᠠᠳᠤᠮ ‍ᠤᠨ ᠰᠢᠯᠢᠳᠡᠭ ᠱᠠᠩᠨᠠᠯ᠂ 2006 ᠣᠨ ᠳᠦ ᠳᠡᠯᠡᠬᠡᠢ ᠶ᠋ᠢᠨ ᠮᠣᠩᠭᠣᠯ ᠲᠤᠭᠤᠷᠭᠠᠲᠠᠨ ‍ᠤ ᠢᠷᠠᠭᠤ ᠨᠠᠶᠢᠷᠠᠭ ‍ᠤᠨ ᠨᠠᠭᠠᠳᠤᠮ ‍ᠤᠨ ᠵᠢᠷᠭᠤᠳᠤᠭᠠᠷ ᠪᠠᠶᠢᠷᠢ ᠶ᠋ᠢᠨ ᠱᠠᠩᠨᠠᠯ᠂ 2008 ᠣᠨ ᠳᠦ ᠮᠣᠩᠭᠣᠯ ᠤᠯᠤᠰ ‍ᠤᠨ ᠵᠣᠬᠢᠶᠠᠯᠴᠢᠳ ‍ᠤᠨ ᠡᠪᠯᠡᠯ ‍ᠤᠨ 《 ᠤᠳᠬ᠎ᠠ ᠵᠣᠬᠢᠶᠠᠯ ‍ᠤᠨ ᠲᠥᠯᠥᠭᠡ 》 ᠱᠠᠩᠨᠠᠯ᠂ 2008 ᠣᠨ ᠳᠦ ᠪᠦᠬᠦ ᠤᠯᠤᠰ ‍ᠤᠨ 《 ᠲᠡᠭᠷᠢ ᠶ᠋ᠢᠨ ᠪᠣᠲᠣᠭᠣ 》 ᠢᠷᠠᠭᠤ ᠨᠠᠶᠢᠷᠠᠭ ‍ᠤᠨ ᠺᠣᠮᠢᠰ ‍ᠤᠨ 《 ᠮᠣᠩᠭᠣᠯ ᠰᠣᠶᠣᠯ ‍ᠤᠨ ᠵᠢᠳᠬᠦᠯᠲᠡᠨ 》 ᠱᠠᠩᠨᠠᠯ᠂ 2008 ᠣᠨ ᠳᠦ 《 ᠰᠥᠨᠢᠳ ᠰᠣᠶᠣᠯ ‍ᠤᠨ ᠪᠠᠶᠢᠭᠤᠯᠤᠯᠲᠠ ᠶ᠋ᠢᠨ ᠭᠠᠷᠮᠠᠭᠠᠢ ᠵᠢᠳᠬᠦᠯᠲᠡᠨ 》 ᠱᠠᠩᠨᠠᠯ᠂ 2009 ᠣᠨ ᠳᠦ ᠥᠪᠥᠷ ᠮᠣᠩᠭᠣᠯ ‍ᠤᠨ ᠤᠳᠬ᠎ᠠ ᠵᠣᠬᠢᠶᠠᠯ ‍ᠤᠨ 《 ᠰᠣᠯᠣᠩᠭ᠎ᠠ 》 ᠱᠠᠩᠨᠠᠯ᠂ 2013 ᠣᠨ ᠳᠦ ᠥᠪᠥᠷ ᠮᠣᠩᠭᠣᠯ ‍ᠤᠨ ᠤᠳᠬ᠎ᠠ ᠤᠷᠠᠯᠢᠭ ‍ᠤᠨ 《 ᠰᠠᠷᠠᠨ᠎ᠠ 》 ᠱᠠᠩᠨᠠᠯ ‍ᠢ ᠲᠤᠰ ᠲᠤᠰ  ᠬᠦᠷᠲᠡᠭᠰᠡᠨ ᠪᠠᠶᠢᠨ᠎ᠠ᠃
     2009 ᠣᠨ ᠬᠢᠭᠡᠳ 2013 ᠣᠨ ᠳᠦ ᠲᠤᠰᠪᠤᠷᠢ ᠰᠢᠯᠢ ᠶ᠋ᠢᠨ ᠭᠣᠣᠯ ᠠᠶᠢᠮᠠᠭ ‍ᠤᠨ ᠳᠠᠭᠤᠤ ᠶ᠋ᠢᠨ ᠰᠢᠯᠦᠭ ‍ᠤᠨ ᠰᠢᠯᠢᠳᠡᠭ ᠵᠣᠬᠢᠶᠠᠭᠴᠢ ᠪᠠᠷ ᠱᠠᠩᠨᠠᠭᠳᠠᠵᠠᠢ᠃ 2015 ᠣᠨ ‍ᠤ 4 ᠰᠠᠷ᠎ᠠ ᠳᠦ ᠮᠣᠩᠭᠣᠯ ᠤᠯᠤᠰ ‍ᠤᠨ ᠨᠡᠶᠢᠰᠯᠡᠯ ᠤᠯᠠᠭᠠᠨᠪᠠᠭᠠᠲᠤᠷ ᠬᠣᠲᠠ ᠳᠦ 《 ᠪᠤᠭᠤᠷᠴᠤ ᠶ᠋ᠢᠨ ᠲᠠᠯ᠎ᠠ 》 ᠤᠷᠠᠨ ᠪᠦᠲᠦᠭᠡᠯ ‍ᠤᠨ ᠳᠠᠶᠢᠯᠤᠨ ᠲᠣᠭᠯᠠᠯᠲᠠ ᠪᠠᠨ ᠬᠢᠵᠦ᠂ ᠳᠡᠯᠡᠬᠡᠢ ᠶ᠋ᠢᠨ ᠮᠣᠩᠭᠣᠯ ᠲᠤᠭᠤᠷᠭᠠᠲᠠᠨ ‍ᠤ ᠰᠣᠶᠣᠯ ᠤᠷᠠᠯᠢᠭ ‍ᠤᠨ ᠭᠠᠪᠢᠶᠠᠨ ‍ᠤ ᠣᠳᠣᠨ ᠢᠶᠠᠷ ᠱᠠᠩᠨᠠᠭᠳᠠᠪᠠ᠃
     ᠲᠡᠷᠡ ᠪᠠᠷ ᠤᠷᠢᠳ ᠬᠣᠵᠢᠳ ᠰᠥᠨᠢᠳ ᠵᠡᠭᠦᠨ ᠬᠣᠰᠢᠭᠤᠨ ‍ᠤ ᠦᠨᠳᠦᠰᠦᠲᠡᠨ ‍ᠤ ᠬᠡᠷᠡᠭ ᠡᠷᠬᠢᠯᠡᠬᠦ ᠲᠣᠪᠴᠢᠶᠠᠨ ‍ᠤ ᠺᠠᠲᠠᠷ᠂ ᠵᠠᠰᠠᠭ ‍ᠤᠨ ᠣᠷᠳᠣᠨ ‍ᠤ ᠠᠯᠪᠠᠨ ᠭᠡᠷ ‍ᠤᠨ ᠳᠡᠳ᠋ ᠡᠷᠬᠢᠯᠡᠭᠴᠢ᠂ ᠮᠠᠯ ‍ᠤᠨ ᠡᠭᠦᠯᠳᠡᠷ ᠰᠠᠶᠢᠵᠢᠷᠠᠭᠤᠯᠬᠤ ᠥᠷᠲᠡᠭᠡᠨ ‍ᠤ ᠳᠠᠷᠤᠭ᠎ᠠ᠂ ᠠᠮᠢ ᠠᠬᠤᠢ ᠶ᠋ᠢᠨ ᠠᠯᠪᠠᠨ ᠭᠡᠷ ‍ᠤᠨ ᠡᠷᠬᠢᠯᠡᠭᠴᠢ᠂ ᠠᠷᠠᠳ ‍ᠤᠨ ᠲᠥᠯᠥᠭᠡᠯᠡᠭᠴᠢ ᠶ᠋ᠢᠨ ᠪᠠᠶᠢᠩᠭᠤ ᠶ᠋ᠢᠨ ᠬᠣᠷᠢᠶᠠᠨ ‍ᠤ ᠳᠡᠳ᠋ ᠡᠷᠬᠢᠯᠡᠭᠴᠢ ᠪᠠᠷ ᠠᠵᠢᠯᠯᠠᠵᠤ ᠪᠠᠶᠢᠪᠠ᠃

ᠣᠷᠠᠯᠢᠭᠴᠢᠨ ‍ᠣ ᠴᠤᠮᠤᠭ

ᠰᠢᠪᠠᠭᠤᠨ ᠰᠠᠷᠠᠯ ᠲᠠᠭᠤᠴᠢᠨ ᠄ ᠶᠣᠩᠳᠣᠨ ᠤ ᠡᠷᠳᠡᠨᠢᠲᠣᠭᠲᠠᠬᠣ ᠣᠩᠰᠢᠭᠰᠠᠨ ᠤᠳᠠᠭ᠎ᠠ ᠄ 918
ᠭᠢᠯᠦᠭᠡᠨ ᠪᠠᠭᠠᠲᠤᠷ ᠲᠠᠭᠤᠴᠢᠨ ᠄ ᠶᠣᠩᠳᠣᠨ ᠤ ᠡᠷᠳᠡᠨᠢᠲᠣᠭᠲᠠᠬᠣ ᠣᠩᠰᠢᠭᠰᠠᠨ ᠤᠳᠠᠭ᠎ᠠ ᠄ 979

ᠣᠷᠠᠯᠢᠭᠴᠢᠨ ‍ᠣ ᠲᠠᠭᠤᠤ