ᠡᠬᠢᠯᠡᠯ  —   ᠣᠷᠠᠯᠢᠭᠴᠢᠨ   —   ᠰᠡᠴᠡᠨᠲᠠᠨ᠎ᠠ

ᠰᠡᠴᠡᠨᠲᠠᠨ᠎ᠠ ᠬᠠᠳᠠᠭᠠᠯᠠᠬᠤ ᠲᠠᠭᠤᠤ᠄ 10 ᠴᠣᠮᠣᠭ᠄ 1 ᠲᠠᠶᠢᠯᠪᠣᠷᠢ᠄ ᠡᠮᠡᠭᠲᠡᠢ ᠳᠠᠭᠤᠴᠢᠨ ᠣᠩᠰᠢᠭᠰᠠᠨ ᠤᠳᠠᠭ᠎ᠠ᠄ 6215

ᠣᠷᠠᠯᠢᠭᠴᠢᠨ ‍ᠣ ᠨᠠᠮᠳᠠᠷ

      ᠰᠡᠴᠡᠨᠲᠠᠨ᠎ᠠ᠂ ᠣᠷᠳᠣᠰ ᠬᠣᠲᠠ ᠶ᠋ᠢᠨ ᠦᠦᠰᠢᠨ ᠬᠤᠰᠢᠭᠤᠨ ᠤ ᠭᠠᠯᠠᠭᠤᠲᠤ ᠪᠠᠯᠭᠠᠰᠤ ᠶ᠋ᠢᠨ ᠪᠠᠶᠠᠠᠠᠦ᠋ᠨᠳᠦᠷ ᠭᠠᠴᠠᠭ᠎ᠠ ᠪᠠᠷ ᠨᠤᠲᠤᠭ ᠲᠠᠢ ᠠᠵᠢᠯ ᠤᠨ ᠴᠢᠯᠦᠭᠡᠨ ᠤ ᠳᠠᠭᠤᠴᠢᠨ᠃ ᠬᠠᠷᠬᠠᠨ ᠪᠠᠭ᠎ᠠ ᠡᠴᠠ ᠪᠠᠨ ᠳᠠᠭᠤᠤ ᠤᠷᠠᠯᠢᠭ ᠤᠨ ᠳᠤᠷ᠎ᠠ ᠪᠠᠬᠠᠲᠠᠢ ᠲᠡᠷᠡ ᠪᠡᠷ 2002-2005 ᠣᠨ ᠪᠣᠯᠲᠠᠯ᠎ᠠ ᠦᠪᠦᠷ ᠮᠣᠩᠭᠣᠯ ᠤᠨ ᠳ᠋ᠡᠳᠡᠮ᠎ᠠ ᠤᠷᠠᠯᠢᠭ ᠤᠨ ᠲᠤᠰᠬᠠᠢ ᠮᠡᠷᠭᠡᠵᠢᠯ ᠦᠨ ᠳᠡᠭᠡᠳᠦ ᠰᠤᠷᠭᠠᠭᠤᠯᠢ ᠳ᠋ᠤ ᠰᠤᠷᠤᠯᠴᠠᠵᠤ 2005-2008 ᠣᠨ ᠪᠣᠯᠲᠠᠯ᠎ᠠ ᠦᠦᠰᠢᠨ ᠬᠤᠰᠢᠭᠤᠨ ᠤ ᠤᠯᠠᠭᠠᠨᠮᠦ᠋ᠴᠢᠷ ᠲᠤ ᠠᠵᠢᠯᠯᠠᠵᠤ ᠪᠠᠶᠢᠭᠰᠠᠨ ᠢᠶᠡᠨ ᠬᠣᠪᠢ ᠶ᠋ᠢᠨ ᠠᠵᠤ ᠠᠬᠤᠶᠢᠯᠠᠯ ᠡᠷᠬᠢᠯᠡᠪᠡ᠃ 2015 ᠣᠨ ᠳ᠋ᠤ ᠦᠦᠰᠢᠨ ᠬᠤᠰᠢᠭᠤᠨ ᠤ ᠴᠠᠭᠠᠨ ᠰᠦᠯᠳᠡ ᠢᠳᠡᠷ ᠨᠠᠰᠤᠲᠠᠶᠢᠴᠤᠳ ᠤᠨ ᠰᠣᠶᠣᠯ ᠤᠷᠠᠯᠢᠭ ᠤᠨ ᠪᠦᠯᠬᠦᠮ ᠳ᠋ᠦ ᠳᠠᠭᠤᠴᠢᠨ ᠢᠶᠠᠷ ᠠᠵᠢᠯᠯᠠᠵᠤ ᠠᠷᠠᠳ ᠤᠨ ᠳᠠᠭᠤᠤ ᠪᠠᠨ ᠳᠠᠭᠤᠯᠠᠨ ᠠᠷᠠᠳ ᠣᠯᠠᠨ ᠢᠶᠡᠨ ᠪᠠᠶᠠᠰᠬᠠᠵᠤ ᠶᠠᠪᠤᠨ᠎ᠠ᠃ ᠲᠡᠷᠡ ᠪᠡᠷ 2017 ᠣᠨ ᠤ 10 ᠰᠠᠷ᠎ᠠ ᠶ᠋ᠢᠨ 6 ᠤ ᠡᠳᠦᠷ ᠦᠦᠰᠢᠨ ᠬᠤᠰᠢᠭᠤᠨ ᠳ᠋ᠤ ᠠᠩᠬᠠᠳᠠᠭᠴᠢ ᠤᠷᠠᠨ ᠪᠦᠲᠦᠭᠡᠯ《ᠲᠠᠯ᠎ᠠ ᠶ᠋ᠢᠨ ᠤᠰᠤ》CD ᠪᠢᠴᠢᠯᠭᠡ ᠶ᠋ᠢᠨ ᠲᠠᠷᠬᠠᠭᠠᠯᠲᠠ ᠶ᠋ᠢᠨ ᠶᠣᠰᠣᠯᠠᠯ ᠢᠶᠡᠨ ᠡᠷᠬᠢᠯᠡᠪᠡ᠃ ᠠᠶᠠᠰ ᠠᠶᠠᠰ ᠤᠨ ᠢᠷᠠᠭᠤᠬᠠᠨ ᠢ ᠴᠢᠪᠬᠠᠳᠠᠵᠤ ᠠᠶᠠᠯᠭᠤ ᠠᠶᠠᠯᠭᠤ ᠶ᠋ᠢᠨ ᠡᠭᠡᠰᠢᠭ ᠢ ᠳᠡᠭᠡᠳᠦᠯᠡᠨ ᠶᠠᠪᠤᠭ᠎ᠠ ᠵᠠᠯᠠᠭᠤ ᠳᠠᠭᠤᠴᠢᠨ ᠰᠡᠴᠡᠨᠲᠠᠨ᠎ᠠ ᠶ᠋ᠢᠨ ᠳᠠᠭᠤᠤ ᠬᠤᠭᠤᠷ ᠡᠨᠳᠡ ᠡᠭᠡᠰᠢᠭᠯᠡᠨᠡᠮ᠃

ᠣᠷᠠᠯᠢᠭᠴᠢᠨ ‍ᠣ ᠴᠤᠮᠤᠭ

ᠲᠠᠯ᠎ᠠ ᠶᠢᠨ ᠤᠰᠤ ᠲᠠᠭᠤᠴᠢᠨ ᠄ ᠰᠡᠴᠡᠨᠲᠠᠨ᠎ᠠ ᠣᠩᠰᠢᠭᠰᠠᠨ ᠤᠳᠠᠭ᠎ᠠ ᠄ 4510