ᠣᠷᠠᠯᠢᠭᠴᠢᠨ ᠣ ᠨᠠᠮᠳᠠᠷ
ᠡᠷᠳᠡᠨᠢᠬᠤᠸᠠᠷ᠂ ᠡᠮᠡᠭᠲᠡᠢ᠂ ᠮᠣᠩᠭᠣᠯ ᠦᠨᠳᠦᠰᠦᠲᠡᠨ᠂ ᠦᠪᠦᠷ ᠮᠣᠩᠭᠣᠯ ᠤᠨ ᠣᠷᠳᠤᠰ ᠬᠤᠲᠠ ᠶ᠋ᠢᠨ ᠦᠦᠰᠢᠨ ᠬᠤᠰᠢᠭᠣᠨ ᠤ ᠤᠯᠠᠭᠠᠨᠲᠣᠯᠤᠭᠠᠢ ᠰᠤᠮᠤ ᠶ᠋ᠢᠨ ᠪᠠᠶᠠᠨᠰᠢᠯᠢ ᠭᠠᠴᠠᠭ᠎ᠠ ᠪᠠᠷ ᠨᠤᠲᠤᠭᠲᠠᠢ᠃ ᠣᠷᠳᠤᠰ ᠭᠡᠬᠦ ᠳᠠᠭᠤᠤ ᠤᠷᠠᠯᠢᠭ ᠤᠨ ᠥᠩ ᠰᠢᠮᠡᠯᠢᠭ ᠬᠦᠷᠦᠰᠦᠨ ᠡᠴᠡ ᠰᠢᠮ᠎ᠡ ᠲᠡᠵᠢᠭᠡᠯ ᠬᠦᠷᠲᠡᠵᠤ ᠤᠷᠠᠯᠢᠭᠴᠢᠨ ᠭᠡᠬᠦ ᠠᠯᠳᠠᠷ ᠤᠨ ᠡᠩᠨᠡᠭᠡᠨ ᠳ᠋ᠥ ᠣᠳᠦ ᠲᠠᠢ ᠭᠢᠯᠠᠯᠵᠠᠵᠤ ᠶᠠᠪᠤᠭ᠎ᠠ ᠳᠠᠭᠤᠴᠢᠨ ᠶᠤᠮ᠃ ᠲᠡᠷᠡ ᠪᠡᠷ ᠬᠣᠷᠢ ᠭᠠᠷᠦᠢ ᠵᠢᠯ ᠦᠨ ᠲᠤᠷᠰᠢ ᠤᠯᠤᠰ ᠤᠨ ᠳᠣᠲᠤᠨ᠎ᠠ ᠭᠠᠳᠠᠨ᠎ᠠ ᠤᠯᠠᠨ ᠤᠳᠠᠭ᠎ᠠ ᠲᠣᠭᠯᠠᠯᠲᠠ ᠭᠠᠷᠭᠠᠵᠤ ᠦᠵᠡᠭᠴᠢᠳ ᠰᠣᠨᠣᠰᠤᠭᠴᠢᠳ ᠤᠨ ᠰᠡᠳᠭᠢᠯ ᠳ᠋ᠥ ᠬᠦᠷᠦᠭᠰᠡᠨ ᠦ ᠤᠯᠠᠮ ᠪᠦᠬᠦ ᠤᠯᠤᠰ ᠤᠨ ᠴᠦᠬᠡᠨ ᠲᠣᠭᠠᠲᠤ ᠦᠨᠳᠦᠰᠦᠲᠡᠨ ᠤ ᠤᠷᠠᠯᠢᠭ ᠤᠨ ᠴᠢᠭᠤᠯᠭᠠᠨ᠂ ᠥᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ ᠲᠠᠪᠢᠨ ᠵᠢᠯ ᠦᠨ ᠳᠠᠭᠤᠨ ᠤ ᠮᠦᠷᠦᠶᠢᠴᠡᠭᠡᠨ ᠪᠠ ᠠᠶᠢᠮᠠᠭ ᠤᠨ ᠳᠡᠰ ᠦᠨ ᠳᠠᠭᠤᠤ ᠤᠷᠠᠯᠢᠭ ᠤᠨ ᠮᠦᠷᠦᠶᠢᠴᠡᠭᠡᠨ ᠳ᠋ᠥ ᠦᠨᠳᠦᠷ ᠵᠡᠷᠭᠡ ᠶ᠋ᠢᠨ ᠱᠠᠩ ᠬᠥᠬᠢᠭᠦᠯᠦᠯ ᠣᠯᠠᠨᠲᠠ ᠬᠦᠷᠲᠡᠵᠦ ᠶᠠᠪᠤᠵᠠᠢ᠃