ᠡᠬᠢᠯᠡᠯ  —   ᠣᠷᠠᠯᠢᠭᠴᠢᠨ   —   ᠪᠦᠬᠦ ᠣᠳᠣᠳ ( ᠷᠠᠰᠢᠶᠠᠨ ᠤᠮᠳᠠᠯᠠᠭᠰᠠᠨ ᠨᠤᠲᠤᠭ )

ᠪᠦᠬᠦ ᠣᠳᠣᠳ ( ᠷᠠᠰᠢᠶᠠᠨ ᠤᠮᠳᠠᠯᠠᠭᠰᠠᠨ ᠨᠤᠲᠤᠭ ) ᠬᠠᠳᠠᠭᠠᠯᠠᠬᠤ ᠲᠠᠭᠤᠤ᠄ 34 ᠴᠣᠮᠣᠭ᠄ 2 ᠲᠠᠶᠢᠯᠪᠣᠷᠢ᠄ ᠤᠷᠠᠯᠢᠭ ᠤᠨ ᠪᠦᠯᠬᠦᠮ ᠣᠩᠰᠢᠭᠰᠠᠨ ᠤᠳᠠᠭ᠎ᠠ᠄ 864

ᠣᠷᠠᠯᠢᠭᠴᠢᠨ ‍ᠣ ᠨᠠᠮᠳᠠᠷ

    ᠬᠣᠶᠠᠷ ᠵᠠᠭᠤ ᠭᠠᠷᠣᠢ ᠵᠢᠯ ᠦᠨ ᠡᠮᠦᠨ᠎ᠡ ᠪᠠᠷᠠᠭᠤᠨᠰᠢ ᠨᠡᠭᠦᠳᠡᠯᠯᠡᠭᠰᠡᠨ ᠠᠤᠭ᠎ᠠ ᠦᠢᠯᠡᠰ ᠪᠣᠯ ᠰᠢᠨᠵᠢᠶᠠᠩ ᠴᠠᠬᠠᠷᠴᠤᠳ ᠤᠨ ᠣᠮᠣᠭᠰᠢᠯ ᠪᠦᠭᠡᠳ ᠣᠶᠣᠨ ᠤᠬᠠᠭᠠᠨ ᠤ ᠡᠳ᠋ ᠪᠠᠶᠠᠯᠢᠭ ᠮᠦᠨ᠃ ᠰᠢᠨᠵᠢᠶᠠᠩ ᠤᠨ ᠴᠠᠬᠠᠷᠴᠤᠳ ᠡᠬᠡ ᠤᠯᠤᠰ ᠤᠨ ᠨᠢᠭᠡᠳᠦᠯ ᠦᠨ ᠲᠦᠯᠦᠭᠡ᠂ ᠪᠡᠶ᠎ᠡ ᠪᠡᠨ ᠦᠷᠡᠭᠳᠡᠭᠦᠯᠬᠦ ᠠᠭᠤᠤ ᠶᠡᠬᠡ ᠰᠡᠳᠬᠢᠯᠭᠡ ᠶ᠋ᠢ ᠡᠪᠦᠷᠯᠡᠨ ᠨᠤᠲᠤᠭ ᠤᠰᠤ ᠡᠴᠠ ᠪᠠᠨ ᠰᠠᠯᠤᠨ᠂ ᠬᠢᠯᠢ ᠬᠢᠵᠠᠭᠠᠷ ᠨᠤᠲᠤᠭ ᠢᠶᠡᠨ ᠰᠠᠬᠢᠭᠰᠠᠨ ᠨᠢ ᠲᠡᠦᠬᠡᠨ ᠳᠡᠭᠡᠷ᠎ᠡ ᠡᠬᠡ ᠤᠯᠤᠰ ᠤᠨ ᠨᠢᠭᠡᠳᠦᠯ ᠂ ᠬᠢᠯᠢ ᠬᠢᠵᠠᠭᠠᠷ ᠤᠨ ᠲᠣᠭᠳᠠᠭᠤᠨ ᠪᠠ ᠡᠶ᠎ᠡ ᠨᠠᠶᠢᠷᠠᠮᠳᠠᠯ ᠤᠨ ᠴᠢᠬᠤᠯᠠ ᠴᠢᠨᠠᠷ ᠢ ᠭᠡᠷᠡᠴᠢᠯᠡᠭᠰᠡᠨ ᠶᠣᠮ᠃
    ᠪᠠᠷᠠᠭᠤᠨᠰᠢ ᠨᠡᠭᠦᠳᠡᠯᠯᠡᠭᠰᠡᠨ ᠴᠠᠬᠠᠷᠴᠤᠳ ᠨᠤᠲᠤᠭᠯᠠᠭᠰᠠᠨ ᠭᠠᠵᠠᠷ ᠲᠠᠭᠠᠨ ᠰᠢᠷᠭᠠᠭᠤ ᠬᠦᠳᠡᠯᠮᠦᠷᠢᠯᠡᠵᠦ᠂ ᠪᠠᠶᠠᠷ ᠪᠠᠬᠠᠲᠤᠯ ᠲᠠᠢ ᠠᠮᠢᠳᠤᠷᠠᠯ ᠬᠢᠭᠰᠡᠨ ᠨᠢ ᠪᠠᠷᠠᠭᠤᠨᠰᠢ ᠨᠡᠭᠦᠳᠡᠯᠯᠡᠭᠰᠡᠨ ᠴᠠᠬᠠᠷᠴᠤᠳ ᠤᠨ ᠡᠶ᠎ᠡ ᠵᠣᠬᠢᠴᠠᠩᠭᠤᠢ ᠠᠮᠢᠳᠤᠷᠠᠨ᠂ ᠡᠩᠬᠡ ᠲᠠᠶᠢᠪᠤᠩ ᠢ ᠡᠷᠬᠢᠮᠯᠡᠵᠦ᠂ ᠡᠪ ᠨᠠᠶᠢᠷᠠᠮᠳᠠᠯ ᠲᠠᠢ ᠴᠢᠷᠮᠠᠶᠢᠨ  ᠳᠠᠪᠰᠢᠭᠰᠠᠨ ᠣᠶᠣᠨ ᠤᠬᠠᠭᠠᠨ ᠤ ᠬᠡᠪ ᠨᠠᠮᠪᠠ ᠶ᠋ᠢ ᠢᠯᠡᠷᠡᠭᠦᠯᠦᠭᠰᠡᠨ ᠶᠣᠮ᠃ ᠪᠠᠷᠠᠭᠤᠨᠰᠢ ᠨᠡᠭᠦᠳᠡᠯᠯᠡᠭᠰᠡᠨ ᠰᠣᠶᠣᠯ ᠨᠢ ᠷᠠᠰᠢᠶᠠᠨ ᠰᠢᠶᠠᠨ ᠤ ᠡᠯ᠎ᠡ ᠦᠨᠳᠦᠰᠦᠲᠡᠨ ᠤ ᠠᠷᠠᠳ ᠲᠦᠮᠡᠨ ᠳ᠋ᠦ ᠨᠤᠭᠤᠷᠠᠰᠢ ᠦᠭᠡᠢ ᠵᠣᠷᠢᠭ ᠰᠠᠨᠠᠭ᠎ᠠ ᠶ᠋ᠢ ᠬᠦᠮᠦᠵᠢᠭᠦᠯᠵᠦ᠂ ᠣᠨᠴᠠᠭᠠᠶᠢᠯᠠᠨ ᠦᠭᠡᠷᠡᠴᠢᠯᠡᠯᠲᠡ ᠬᠢᠵᠦ ᠴᠢᠯᠦᠭᠡᠲᠡᠢ ᠶᠠᠪᠤᠯᠴᠠᠬᠤ ᠥᠨᠥᠳᠥᠷ᠂ ᠡᠨᠡᠬᠦ ᠤᠯᠠᠮᠵᠢᠯᠠᠨ ᠳᠡᠯᠭᠡᠷᠡᠭᠦᠯᠬᠦ ᠬᠢᠯᠢ ᠶ᠋ᠢᠨ ᠬᠠᠮᠠᠭᠠᠯᠠᠯᠲᠠ ᠶ᠋ᠢᠨ ᠵᠣᠷᠢᠭ ᠰᠠᠨᠠᠭ᠎ᠠ ᠨᠢ ᠴᠠᠭ ᠦᠶ᠎ᠡ ᠶ᠋ᠢᠨ ᠵᠣᠷᠢᠭ ᠰᠠᠨᠠᠭ᠎ᠠ ᠲᠠᠢ ᠵᠣᠬᠢᠴᠠᠯᠳᠤᠵᠤ ᠂ ᠬᠦᠴᠦᠷᠬᠡᠭᠵᠢᠬᠦ ᠪᠡᠷ ᠤᠷᠤᠭᠰᠢ ᠲᠡᠮᠡᠦᠯᠡᠬᠦ᠂ ᠡᠬᠡ ᠤᠯᠤᠰ ᠢᠶᠡᠨ ᠬᠦᠭᠵᠢᠨ ᠮᠠᠨᠳᠤᠭᠤᠯᠬᠤ ᠬᠦᠴᠦᠷᠬᠡᠭ ᠶᠡᠬᠡ ᠵᠣᠷᠢᠭ ᠰᠠᠨᠠᠭᠠᠨ ᠤ ᠬᠦᠳᠡᠯᠭᠡᠭᠴᠢ ᠬᠦᠴᠦᠨ ᠪᠣᠯᠵᠤ ᠮᠦᠨᠴᠦ ᠰᠢᠨ᠎ᠡ ᠴᠠᠭ ᠦᠶ᠎ᠡ ᠶ᠋ᠢᠨ ᠣᠶᠣᠨ ᠤᠬᠠᠭᠠᠨ ᠤ ᠪᠣᠯᠪᠠᠰᠤᠨ ᠤ ᠪᠦᠲᠦᠭᠡᠨ ᠪᠠᠶᠢᠭᠤᠯᠤᠯᠲᠠ ᠶ᠋ᠢ ᠪᠦᠷᠢᠯᠳᠦᠭᠦᠯᠬᠦ ᠴᠢᠬᠤᠯᠠ ᠠᠭᠤᠯᠭ᠎ᠠ ᠪᠣᠯᠤᠭᠰᠠᠨ ᠶᠣᠮ᠃
    ᠴᠠᠬᠠᠷᠴᠤᠳ ᠤᠨ ᠪᠠᠷᠠᠭᠤᠨᠰᠢ ᠨᠡᠭᠦᠳᠡᠯᠯᠡᠭᠰᠡᠨ 250 ᠵᠢᠯ ᠦᠨ ᠣᠢ ᠳ᠋ᠤ ᠵᠣᠷᠢᠭᠤᠯᠵᠤ ᠲᠤᠰ ᠢᠵᠢ ᠳᠠᠭᠤᠨ ᠤ ᠴᠣᠮᠣᠭ ᠢ ᠰᠢᠩᠭᠡᠭᠡᠨ ᠦᠢᠯᠡᠳᠦᠭᠰᠡᠨ ᠨᠢ ᠷᠠᠰᠢᠶᠠᠨ ᠰᠢᠶᠠᠨ ᠤ ᠴᠠᠬᠠᠷᠴᠤᠳ ᠤᠨ ᠤᠯᠠᠮᠵᠢᠯᠠᠯᠲᠤ ᠰᠣᠶᠣᠯ ᠢ ᠵᠠᠯᠭᠠᠮᠵᠢᠯᠠᠬᠤ ᠪᠠ ᠬᠠᠮᠠᠭᠠᠯᠠᠬᠤ ᠴᠢᠬᠤᠯᠠ ᠦᠢᠯᠡ ᠠᠵᠢᠯᠯᠠᠭ᠎ᠠ ᠶ᠋ᠢᠨ ᠨᠢᠭᠡ ᠮᠦᠨ᠃ ᠬᠠᠮᠠᠭᠠᠯᠠᠬᠤ ᠶ᠋ᠢᠨ ᠵᠣᠷᠢᠯᠭ᠎ᠠ ᠨᠢ ᠴᠣᠷ ᠤᠨ ᠭᠠᠭᠴᠠ ᠬᠠᠮᠠᠭᠠᠯᠠᠬᠤ ᠲᠡᠳᠦᠢ ᠪᠢᠰᠢ ᠂ ᠬᠠᠷᠢᠨ ᠣᠯᠠᠮ ᠴᠢᠨᠠᠭᠰᠢᠳᠠ ᠦᠷᠭᠡᠨ ᠬᠡᠮᠵᠢᠶ᠎ᠡ ᠪᠡᠷ ᠤᠯᠠᠮᠵᠢᠯᠠᠨ ᠳᠡᠯᠭᠡᠷᠡᠭᠦᠯᠬᠦ ᠪᠠ ᠪᠠᠳᠠᠷᠠᠭᠤᠯᠬᠤ ᠶ᠋ᠢᠨ ᠲᠦᠯᠦᠭᠡ ᠶᠣᠮ᠃

ᠣᠷᠠᠯᠢᠭᠴᠢᠨ ‍ᠣ ᠲᠠᠭᠤᠤ