ᠡᠬᠢᠯᠡᠯ  —   ᠣᠷᠠᠯᠢᠭᠴᠢᠨ   —   ᠣ‍ · ᠰᠡᠷᠴᠢᠨ

ᠣ‍ · ᠰᠡᠷᠴᠢᠨ ᠬᠠᠳᠠᠭᠠᠯᠠᠬᠤ ᠲᠠᠭᠤᠤ᠄ 15 ᠴᠣᠮᠣᠭ᠄ 1 ᠲᠠᠶᠢᠯᠪᠣᠷᠢ᠄ ᠬᠥᠭᠵᠢᠮ ᠦᠨ ᠵᠣᠬᠢᠶᠠᠯᠴᠢ ᠣᠩᠰᠢᠭᠰᠠᠨ ᠤᠳᠠᠭ᠎ᠠ᠄ 964

ᠣᠷᠠᠯᠢᠭᠴᠢᠨ ‍ᠣ ᠨᠠᠮᠳᠠᠷ

       ᠤ · ᠰᠡᠷᠴᠢᠨ᠂ ᠰᠢᠨᠵᠢᠶᠠᠩ ᠤᠨ ᠬᠤᠪᠤᠭᠰᠠᠶᠢᠷᠢ ᠮᠤᠩᠭᠤᠯ ᠦᠪᠡᠷᠲᠡᠭᠡᠨ ᠵᠠᠰᠠᠬᠤ ᠰᠢᠶᠠᠨ ᠤ ᠨᠠᠷᠢᠬᠠᠤᠪᠤᠭ ᠮᠠᠯᠵᠢᠬᠤ ᠲᠠᠯᠠᠪᠠᠢ ᠳᠤ ᠤᠷᠲᠤᠨᠠᠰᠤᠨ ᠤ ᠤᠳᠬᠤᠨ ᠦᠬᠢᠨ ᠨᠢ ᠪᠣᠯᠵᠤ ᠵᠠᠶᠠᠭᠠᠭᠳᠠᠵᠠᠢ᠃ ᠬᠠᠷᠠᠬᠠᠨ ᠪᠠᠭ᠎ᠠ ᠡᠴᠡ ᠪᠡᠨ ᠠᠪᠤ᠋ ᠶ᠋ᠢᠨ ᠢᠶ᠋ᠡᠨ ᠨᠦᠯᠦᠭᠡ ᠶ᠋ᠢ ᠬᠦᠷᠲᠡᠵᠦ᠂ ᠳᠠᠭᠤᠤ ᠳᠠᠭᠤᠯᠠᠬᠤ ᠳᠤᠷᠠᠲᠠᠢ ᠮᠦᠷᠲᠡᠭᠡᠨ ᠡᠯ᠎ᠡ ᠵᠦᠢᠯ ᠦᠨ ᠬᠦᠭᠵᠢᠮ ᠢ ᠬᠦᠭᠵᠢᠮᠳᠡᠵᠦ ᠴᠢᠳᠠᠳᠠᠭ ᠪᠠᠶᠢᠵᠠᠢ᠃ 2000 ᠣᠨ ᠳ᠋ᠤ ᠰᠢᠯᠢᠳᠡᠭ ᠬᠢᠷᠢ ᠪᠦᠲᠦᠮᠵᠢ ᠪᠡᠷ ᠰᠢᠨᠵᠢᠶᠠᠩ ᠤᠨ ᠮᠤᠩᠭᠤᠯ ᠪᠠᠭᠰᠢ ᠶ᠋ᠢᠨ ᠰᠤᠷᠭᠠᠭᠤᠯᠢ ᠶ᠋ᠢᠨ ᠳᠠᠭᠤᠤ ᠬᠦᠭᠵᠢᠮ ᠦᠨ ᠠᠩᠬᠢ ᠳ᠋ᠤ ᠰᠢᠯᠭᠠᠭᠳᠠᠨ ᠤᠷᠤᠵᠤ 2003 ᠣᠨ ᠳ᠋ᠤ ᠰᠤᠷᠤᠯᠭ᠎ᠠ ᠪᠠᠨ ᠲᠡᠭᠦᠰᠦᠭᠡᠳ ᠨᠤᠲᠤᠭ ᠲᠤ ᠪᠠᠨ ᠬᠠᠷᠢᠵᠤ ᠲᠠᠪᠤᠨ ᠵᠢᠯ ᠪᠠᠭᠰᠢᠯᠠᠵᠠᠢ᠃ 2008 ᠣᠨ ᠳ᠋ᠤ ᠺᠠᠷᠠᠮᠠᠶᠢ ᠬᠤᠲᠠ ᠶ᠋ᠢᠨ ᠤᠷᠠᠬ᠎ᠠ ᠲᠤᠭᠤᠷᠢᠭ ᠤᠨ ᠤᠷᠠᠯᠢᠭ ᠤᠨ ᠪᠦᠯᠬᠦᠮ ᠳ᠋ᠦ ᠠᠵᠢᠯᠯᠠᠵᠤ᠂ ᠠᠵᠢᠯᠯᠠᠬᠤ ᠬᠤᠭᠤᠴᠠᠭᠠᠨ ᠳ᠋ᠤ ᠪᠠᠨ 《 ᠤᠷᠠᠬ᠎ᠠ ᠶ᠋ᠢᠨ ᠳᠠᠭᠤᠯᠠᠯ 》 ᠭᠡᠬᠦ ᠠᠩᠬᠠᠨ ᠤ ᠴᠤᠮᠤᠭ ᠢᠶᠡᠨ ᠭᠠᠷᠭᠠᠵᠠᠢ᠃ ᠡᠭᠦᠨ ᠦ ᠬᠠᠮᠲᠤ ᠦᠪᠡᠷ ᠦᠨ ᠬᠢᠨᠢ ᠪᠦᠲᠦᠭᠡᠯ ᠪᠤᠯᠤᠭᠰᠠᠨ 《 ᠠᠯᠴᠢᠭᠤᠷ 》᠂ 《 ᠬᠡᠰᠢᠭ ᠬᠤᠷᠠᠭᠰᠠᠨ ᠬᠤᠪᠤᠭᠰᠠᠶᠢᠷᠢ 》᠂ 《 ᠡᠷᠬᠢᠵᠦ ᠢᠷᠡᠬᠦ ᠦᠭᠡᠢ ᠮᠢᠨᠤ ᠬᠠᠶᠢᠷ᠎ᠠ 》᠂ 《 ᠡᠵᠢ ᠮᠢᠨᠢ 》᠂ 《 ᠮᠢᠨᠤ ᠨᠤᠲᠤᠭ 》᠂ 《 ᠨᠠᠶᠢᠷ ᠤᠨ ᠨᠠᠢᠮᠠᠨ ᠬᠤᠨᠳᠠᠭ᠎ᠠ 》 ᠵᠡᠷᠭᠡ ᠬᠤᠷᠢ ᠭᠠᠷᠤᠢ ᠰᠢᠯᠢᠳᠡᠭ ᠪᠦᠲᠦᠭᠡᠯ ᠨᠢ ᠨᠤᠲᠤᠭ ᠤᠨ ᠬᠦᠮᠦᠰ ᠦᠨ ᠬᠠᠯᠠᠭᠤᠨ ᠬᠦᠷᠢᠶᠡᠯᠡᠯ ᠢ ᠤᠯᠤᠭᠰᠠᠨ ᠪᠠᠶᠢᠨ᠎ᠠ᠃ 2010 ᠣᠨ ᠳ᠋ᠤ ᠰᠢᠨᠵᠢᠶᠠᠩ ᠤᠨ ᠤᠳᠬ᠎ᠠ ᠤᠷᠠᠯᠢᠭ ᠤᠨ ᠰᠤᠷᠭᠠᠭᠤᠯᠢ ᠶ᠋ᠢᠨ ᠳᠠᠭᠤᠤ ᠬᠦᠭᠵᠢᠮ ᠦᠨ ᠰᠠᠯᠪᠤᠷᠢ ᠶ᠋ᠢᠨ ᠳᠠᠭᠤᠤ ᠬᠦᠭᠵᠢᠮ ᠦᠨ ᠲᠤᠭᠯᠠᠯᠲᠠ ᠶ᠋ᠢᠨ ᠮᠡᠷᠭᠡᠵᠢᠯ ᠢᠶ᠋ᠡᠷ ᠰᠤᠷᠴᠤ᠂ 2013 ᠣᠨ ᠳ᠋ᠤ ᠰᠤᠷᠤᠯᠭ᠎ᠠ ᠪᠠᠨ ᠠᠮᠵᠢᠯᠲᠠ ᠲᠠᠢ ᠲᠡᠭᠦᠰᠭᠡᠵᠦ᠂ ᠮᠤᠩᠭᠤᠯ ᠤᠯᠤᠰ ᠤᠨ ᠰᠤᠶᠤᠯ ᠤᠷᠠᠯᠢᠭ ᠤᠨ ᠶᠡᠬᠡ ᠰᠤᠷᠭᠠᠭᠤᠯᠢ ᠳ᠋ᠤ ᠰᠢᠯᠭᠠᠭᠳᠠᠨ ᠤᠷᠤᠵᠤ᠂ ᠠᠶ᠎ᠠ ᠵᠤᠬᠢᠶᠠᠭᠴᠢ ᠶ᠋ᠢᠨ ᠮᠡᠷᠭᠡᠵᠢᠯ ᠪᠠ ᠤᠷᠲᠤ ᠶ᠋ᠢᠨ ᠳᠠᠭᠤᠤ ᠶᠢᠨ ᠮᠡᠷᠭᠡᠵᠢᠯ ᠢᠶ᠋ᠡᠷ ᠮᠠᠬᠢᠰᠲ᠋ᠧᠷ ᠢᠶᠠᠷ ᠰᠤᠷᠤᠯᠴᠠᠵᠤ ᠪᠠᠶᠢᠨ᠎ᠠ᠃ ᠮᠤᠩᠭᠤᠯ ᠤᠯᠤᠰ ᠲᠤ ᠰᠤᠷᠤᠯᠴᠠᠵᠤ ᠪᠠᠶᠢᠭ᠎ᠠ ᠬᠤᠭᠤᠴᠠᠭᠠᠨ ᠳ᠋ᠤ ᠪᠠᠨ ᠪᠠᠰᠠ ᠲᠠᠰᠤᠷᠠᠯᠲᠠ ᠦᠭᠡᠢ ᠠᠶ᠎ᠠ ᠳᠠᠭᠤᠤ ᠪᠠᠨ ᠵᠤᠬᠢᠶᠠᠵᠤ᠂ 2016 ᠣᠨ ᠳ᠋ᠤ 《 ᠰᠠᠨᠠᠵᠤ ᠠᠨᠢᠷᠯᠠᠬᠤ ᠨᠤᠲᠤᠭ 》 ᠪᠤᠯᠤᠨ 《 ᠤᠭᠲᠤᠯᠭ᠎ᠠ 》 ᠭᠡᠮᠡᠬᠦ ᠬᠤᠶᠠᠷ ᠰᠢᠯᠢᠳᠡᠭ ᠪᠦᠲᠦᠭᠡᠯ ᠢᠶ᠋ᠡᠨ ᠨᠡᠶᠢᠲᠡᠯᠡᠵᠦ᠂ ᠣᠳᠣ ᠡᠨᠡᠬᠦ ᠡᠮᠬᠢᠳᠬᠡᠭᠰᠡᠨ 《 ᠬᠤᠷ᠎ᠠ ᠶ᠋ᠢᠨ ᠴᠤᠮᠤᠷᠯᠢᠭ 》 ᠭᠡᠮᠡᠬᠦ ᠰᠢᠨᠵᠢᠶᠠᠩ ᠤᠨ ᠬᠡᠤᠬᠡᠳ ᠤᠨ ᠳᠠᠭᠤᠤ ᠶᠢᠨ ᠲᠡᠭᠦᠪᠦᠷᠢ ᠪᠡᠨ ᠦᠷᠭᠡᠨ ᠲᠦᠮᠡᠨ ᠦ ᠰᠤᠨᠤᠷ ᠲᠤ ᠳᠡᠪᠰᠢᠭᠦᠯᠵᠦ ᠪᠠᠶᠢᠨ᠎ᠠ᠃

ᠣᠷᠠᠯᠢᠭᠴᠢᠨ ‍ᠣ ᠴᠤᠮᠤᠭ

ᠬᠤᠷ᠎ᠠ ᠶᠢᠨ ᠴᠣᠮᠣᠷᠯᠢᠭ ᠲᠠᠭᠤᠴᠢᠨ ᠄ ᠣ‍ · ᠰᠡᠷᠴᠢᠨ ᠣᠩᠰᠢᠭᠰᠠᠨ ᠤᠳᠠᠭ᠎ᠠ ᠄ 1048