ᠡᠬᠢᠯᠡᠯ  —   ᠣᠷᠠᠯᠢᠭᠴᠢᠨ   —   ᠰ · ᠭᠠᠩᠴᠢᠮᠡᠭ

ᠰ · ᠭᠠᠩᠴᠢᠮᠡᠭ ᠬᠠᠳᠠᠭᠠᠯᠠᠬᠤ ᠲᠠᠭᠤᠤ᠄ 23 ᠴᠣᠮᠣᠭ᠄ 1 ᠲᠠᠶᠢᠯᠪᠣᠷᠢ᠄ ᠬᠥᠭᠵᠢᠮ ᠦᠨ ᠵᠣᠬᠢᠶᠠᠯᠴᠢ ᠣᠩᠰᠢᠭᠰᠠᠨ ᠤᠳᠠᠭ᠎ᠠ᠄ 591

ᠣᠷᠠᠯᠢᠭᠴᠢᠨ ‍ᠣ ᠨᠠᠮᠳᠠᠷ

     ᠮᠣᠩᠭᠣᠯ ᠤᠯᠤᠰ ᠤᠨ ᠰᠣᠶᠣᠯ ᠤᠨ ᠲᠡᠷᠢᠭᠦᠨ ᠦ ᠠᠵᠢᠯᠲᠠᠨ᠂ ᠮᠣᠩᠭᠣᠯ ᠤᠨ ᠬᠡᠦᠬᠡᠳ ᠦᠨ ᠣᠷᠳᠣᠨ ᠤ ᠪᠠᠭᠰᠢ ᠠᠶ᠎ᠠ ᠵᠣᠬᠢᠶᠠᠭᠴᠢ ᠰᠠᠩᠳᠤᠶᠢᠵᠠᠪ ᠤᠨ ᠭᠠᠩᠴᠢᠮᠡᠭ ᠤᠯᠠᠭᠠᠨᠪᠠᠭᠠᠲᠤᠷ ᠬᠣᠲᠠ ᠳ᠋ᠥ ᠲᠥᠷᠥᠭᠰᠡᠨ᠃ ᠲᠡᠷᠡᠪᠡᠷ ᠲᠡᠮᠦᠷ ᠵᠠᠮ ᠤᠨ ᠲᠠᠪᠤᠳᠤᠭᠠᠷ ᠴᠡᠴᠡᠷᠯᠢᠭ ᠲᠣ ᠬᠥᠮᠥᠵᠢᠭᠡᠳ᠂ 51 ᠳ᠋ᠤᠭᠠᠷ ᠳᠤᠮᠳᠠᠳᠤ ᠰᠤᠷᠭᠠᠭᠤᠯᠢ ᠶ᠋ᠢ ᠳᠦᠭᠦᠷᠭᠡᠵᠡᠢ᠃ ᠳᠤᠮᠳᠠᠳᠤ ᠰᠤᠷᠭᠠᠭᠤᠯᠢ ᠳ᠋ᠥ ᠪᠠᠶᠢᠬᠤ ᠳ᠋ᠥ ᠪᠡᠨ ᠪᠥᠵᠢᠭᠴᠢᠨ ᠪᠣᠯᠬᠤ ᠮᠥᠷᠥᠭᠡᠳᠦᠯ ᠲᠠᠢ ᠪᠠᠶᠢᠭᠰᠠᠨ ᠬᠡᠳᠦᠢ ᠴᠦ ᠰᠤᠷᠭᠠᠭᠤᠯᠢ ᠪᠠᠨ ᠲᠡᠭᠦᠰᠦᠭᠡᠳ ᠰᠣᠶᠣᠯ ᠤᠨ ᠳᠡᠭᠡᠳᠦ ᠰᠤᠷᠭᠠᠭᠤᠯᠢ ᠶ᠋ᠢᠨ ᠲᠡᠭᠦᠯᠳᠡᠷ ᠬᠤᠭᠤᠷ ᠤᠨ ᠠᠩᠭᠢ ᠳ᠋ᠥ ᠣᠷᠣᠵᠤ᠂ ᠲᠡᠭᠦᠯᠳᠡᠷ ᠬᠤᠭᠤᠷ ᠪᠣᠯᠣᠨ ᠶᠣᠣᠴᠢᠨ ᠬᠥᠭᠵᠢᠮ ᠰᠤᠷᠤᠯᠴᠠᠬᠤ ᠪᠣᠯᠣᠭᠰᠠᠨ᠃ ᠠᠵᠢᠯ ᠤᠨ ᠭᠠᠷᠤᠭ᠎ᠠ ᠪᠠᠨ ᠮᠢᠬ᠎ᠠ ᠺᠣᠮᠪᠢᠨᠠᠲ ᠤᠨ ᠰᠣᠶᠣᠯ ᠤᠨ ᠣᠷᠳᠣᠨ ᠳ᠋ᠥ ᠬᠥᠭᠵᠢᠮ ᠦᠨ ᠪᠠᠭᠰᠢ ᠪᠠᠷ ᠡᠬᠢᠯᠡᠵᠦ᠂ ᠳᠠᠷᠠᠭ᠎ᠠ ᠨᠢ ᠬᠡᠦᠬᠡᠳ ᠵᠠᠯᠠᠭᠤᠴᠤᠳ ᠤᠨ ᠰᠣᠶᠣᠯ ᠤᠨ ᠲᠥᠪ ᠳ᠋ᠦ ᠬᠥᠭᠵᠢᠮ ᠦᠨ ᠪᠠᠭᠰᠢ ᠪᠠᠷ ᠠᠵᠢᠯᠯᠠᠬᠤ ᠪᠣᠯᠵᠠᠢ᠃
     1991 ᠣᠨ ᠡᠴᠠ ᠮᠣᠩᠭᠣᠯ ᠤᠨ ᠬᠡᠦᠬᠡᠳ ᠦᠨ ᠣᠷᠳᠣᠨ ᠳ᠋ᠥ ᠪᠠᠭᠰᠢ ᠪᠠᠷ ᠠᠵᠢᠯᠯᠠᠭᠰᠠᠨ ᠪᠥᠭᠡᠳ ᠲᠡᠭᠦᠨ ᠦ ᠠᠩᠬᠠᠨ ᠤ ᠱᠠᠪᠢ ᠨᠠᠷ ᠨᠢ ᠣᠳᠣ ᠶ᠋ᠢᠨ《 ᠮᠥᠩᠬᠡ ᠶ᠋ᠢᠨ ᠷᠣᠫ》ᠬᠠᠮᠲᠤᠯᠢᠭ ᠤᠨ ᠳᠠᠭᠤᠴᠢᠨ ᠯᠾᠠᠬᠪᠠ ᠂《 ᠯᠶᠤᠮᠢᠨᠣ᠋ 》ᠬᠠᠮᠲᠤᠯᠢᠭ ᠤᠨ ᠳᠠᠭᠤᠴᠢᠨ ᠪᠠᠵᠢ ᠂《 ᠨᠣᠮᠢᠨ ᠲᠠᠯᠠᠰᠲᠤ 》ᠬᠠᠮᠲᠤᠯᠢᠭ ᠤᠨ ᠳᠠᠭᠤᠴᠢᠨ ᠬᠠᠶᠢᠩᠬᠡᠶᠢᠷᠸ᠎ᠠ ᠨᠠᠷ ᠶᠤᠮ᠃
     2006 ᠣᠨ ᠳ᠋ᠥ ᠥᠪᠥᠷ ᠮᠣᠩᠭᠣᠯ ᠤᠨ ᠬᠥᠯᠥᠨ ᠪᠣᠶᠢᠷ ᠠᠶᠢᠮᠠᠭ ᠲᠤ ᠤᠷᠢᠯᠭ᠎ᠠ ᠪᠠᠷ ᠣᠴᠢᠵᠤ᠂ ᠡᠸᠡᠩᠬᠢ  ᠳᠠᠭᠤᠷ᠂ ᠲᠠᠷᠢᠶᠠᠯᠠᠨᠴᠢ᠂ ᠪᠤᠷᠢᠶᠠᠳ᠂ ᠪᠠᠷᠭᠤ ᠲᠠᠪᠤᠨ ᠦᠨᠳᠦᠰᠦᠨ ᠦ 40 ᠬᠡᠦᠬᠡᠳ ᠦᠳ ᠡᠴᠡ ᠪᠦᠷᠢᠳᠦᠭᠰᠡᠨ《 ᠲᠠᠪᠤᠨ ᠲᠠᠩᠰᠤᠭ 》ᠬᠡᠦᠬᠡᠳ ᠦᠨ ᠨᠠᠶᠢᠷᠠᠯ ᠳᠠᠭᠤᠨ ᠤ ᠪᠦᠯᠭᠦᠮ ᠳ᠋ᠥ ᠪᠠᠭᠰᠢᠯᠠᠵᠤ ᠪᠠᠶᠢᠭᠰᠠᠨ᠃ 2003 ᠣᠨ ᠳ᠋ᠥ《 ᠰᠢᠳᠢᠲᠦ ᠴᠡᠴᠡᠭ 》ᠨᠡᠷ᠎ᠡ ᠲᠠᠢ ᠤᠷᠠᠨ ᠪᠦᠲᠦᠭᠡᠯ ᠦᠨ ᠴᠣᠮᠣᠭ ᠭᠠᠷᠭᠠᠭᠰᠠᠨ᠃

ᠣᠷᠠᠯᠢᠭᠴᠢᠨ ‍ᠣ ᠴᠤᠮᠤᠭ

ᠰᠢᠳᠢᠲᠦ ᠴᠡᠴᠡᠭ ᠲᠠᠭᠤᠴᠢᠨ ᠄ ᠰ · ᠭᠠᠩᠴᠢᠮᠡᠭ ᠣᠩᠰᠢᠭᠰᠠᠨ ᠤᠳᠠᠭ᠎ᠠ ᠄ 551