ᠡᠬᠢᠯᠡᠯ  —   ᠣᠷᠠᠯᠢᠭᠴᠢᠨ   —   ᠪ · ᠫᠦᠷᠪᠦᠰᠦ᠋ᠷᠦᠩ

ᠪ · ᠫᠦᠷᠪᠦᠰᠦ᠋ᠷᠦᠩ ᠬᠠᠳᠠᠭᠠᠯᠠᠬᠤ ᠲᠠᠭᠤᠤ᠄ 69 ᠴᠣᠮᠣᠭ᠄ 2 ᠲᠠᠶᠢᠯᠪᠣᠷᠢ᠄ ᠬᠥᠭᠵᠢᠮ ᠦᠨ ᠵᠣᠬᠢᠶᠠᠯᠴᠢ ᠣᠩᠰᠢᠭᠰᠠᠨ ᠤᠳᠠᠭ᠎ᠠ᠄ 983

ᠣᠷᠠᠯᠢᠭᠴᠢᠨ ‍ᠣ ᠨᠠᠮᠳᠠᠷ

        ᠮᠣᠩᠭᠣᠯ ᠤᠯᠤᠰ ᠤᠨ ᠰᠣᠶᠣᠯ ᠤᠨ ᠲᠡᠷᠢᠭᠦᠨ ᠦ ᠠᠵᠢᠯᠲᠠᠨ ᠠᠶ᠎ᠠ ᠵᠣᠬᠢᠶᠠᠭᠴᠢ ᠪᠤᠶᠠᠨᠳᠡᠯᠭᠡᠷ ‍ᠤᠨ ᠫᠦᠷᠪᠦᠰᠦ᠋ᠷᠦᠩ ᠣᠪᠰᠤ ᠠᠶᠢᠮᠠᠭ ᠤᠨ ᠡᠮᠦᠨᠡᠭᠣᠪᠢ ᠰᠤᠮᠤ ᠳ᠋ᠥ ᠲᠦᠷᠦᠭᠰᠡᠨ᠃ ᠪᠠᠭ᠎ᠠ ᠳ᠋ᠥ ᠪᠡᠨ ᠰᠤᠷᠭᠠᠭᠤᠯᠢ ᠶ᠋ᠢᠨ ᠢᠶ᠋ᠡᠨ ᠤᠷᠠᠯᠢᠭ ᠰᠣᠶᠣᠯ ᠤᠨ ᠠᠷᠭ᠎ᠠ ᠬᠡᠮᠵᠢᠶᠡᠨ ᠳ᠋ᠥ ᠢᠳᠡᠪᠬᠢᠲᠡᠢ ᠣᠷᠣᠯᠴᠠᠳᠠᠭ᠂ ᠣᠨᠴᠠ ᠰᠤᠷᠳᠠᠭ ᠬᠦᠦ ᠪᠠᠶᠢᠵᠠᠢ᠃ ᠳᠤᠮᠳᠠᠳᠤ ᠰᠤᠷᠭᠠᠭᠤᠯᠢ ᠪᠠᠨ ᠲᠡᠭᠦᠰᠦᠭᠡᠳ ᠰᠢᠨᠵᠢᠯᠡᠬᠦ ᠤᠬᠠᠭᠠᠨ ᠲᠸᠭᠨᠣᠯᠣᠬᠢ ᠶ᠋ᠢᠨ ᠶᠡᠬᠡ ᠰᠤᠷᠭᠠᠭᠤᠯᠢ ᠳ᠋ᠥ ᠡᠯᠰᠡᠨ ᠣᠷᠣᠵᠤ᠂ ᠴᠠᠬᠢᠯᠭᠠᠨ ᠤ ᠢᠨᠵᠸᠨ᠋ᠸᠷ ᠮᠡᠷᠭᠡᠵᠢᠯ ᠢᠶ᠋ᠡᠷ ᠰᠤᠷᠤᠯᠴᠠᠭᠰᠠᠨ᠃ ᠶᠡᠬᠡ ᠰᠤᠷᠭᠠᠭᠤᠯᠢ ᠪᠠᠨ ᠲᠡᠭᠦᠰᠦᠭᠡᠳ ᠮᠡᠷᠭᠡᠵᠢᠯ ᠢᠶ᠋ᠡᠷ ᠢᠶ᠋ᠡᠨ ᠠᠵᠢᠯᠯᠠᠭᠰᠠᠨ ᠪᠣᠯᠪᠠᠴᠤ ᠳᠠᠭᠤᠤ ᠬᠥᠭᠵᠢᠮ ᠳ᠋ᠥ ᠳᠤᠷᠠᠲᠠᠢ ᠬᠦᠰᠡᠯ ᠮᠦᠷᠦᠭᠡᠳᠦᠯ ᠳ᠋ᠥ ᠪᠡᠨ ᠳᠡᠶᠢᠯᠳᠡᠨ ᠮᠡᠷᠭᠡᠵᠢᠯ ᠢᠶ᠋ᠡᠨ ᠣᠷᠬᠢᠵᠤ ᠠᠶ᠎ᠠ ᠵᠣᠬᠢᠶᠠᠬᠤ ᠪᠣᠯᠣᠭᠰᠠᠨ ᠪᠠᠶᠢᠨ᠎ᠠ᠃ 2010 ᠣᠨ ᠠᠩᠬᠠᠨ ᠤ《 ᠪᠣᠰᠣᠭ᠎ᠠ ᠬᠡᠶᠢᠮᠦᠷᠢ ᠲᠠᠢ ᠡᠷ᠎ᠡ ᠬᠥᠮᠥᠨ 》ᠲᠣᠭᠯᠠᠯᠲᠠ ᠪᠠᠨ ᠬᠢᠭᠰᠡᠨ ᠡᠴᠡ ᠬᠣᠶᠢᠰᠢ《 ᠠᠶᠠᠯᠠᠰᠤ ᠬᠡᠶᠢᠭᠡᠲᠦ ᠳᠠᠭᠤᠯᠠᠶ᠎ᠠ ᠳ᠋ᠠ 》᠂《 ᠢᠷᠡᠵᠦ ᠶᠠᠪᠤᠭ᠎ᠠ ᠴᠠᠭ ᠰᠠᠶᠢᠬᠠᠨ 》᠂《 ᠮᠣᠩᠭᠣᠯ ᠢᠶᠠᠷ ᠢᠶᠡᠨ ᠪᠠᠶᠢᠭᠠᠰᠠᠢ 》ᠵᠡᠷᠭᠡ ᠵᠢᠯ ᠪᠦᠷᠢ ᠨᠡᠶᠢᠲᠡ ᠶ᠋ᠢᠨ ᠳᠠᠭᠤᠴᠢᠳ ᠤᠨ ᠬᠠᠮᠲᠤᠷᠠᠭᠰᠠᠨ ᠤᠷᠠᠨ ᠪᠦᠲᠦᠭᠡᠯ ᠦᠨ ᠲᠠᠶᠢᠯᠠᠨ ᠲᠣᠭᠯᠠᠯᠲᠠ ᠪᠡᠨ ᠬᠢᠬᠦ ᠪᠣᠯᠵᠠᠢ᠃ ᠤᠷᠠᠨ ᠪᠦᠲᠦᠭᠡᠯ ᠢᠶ᠋ᠡᠨ ᠲᠤᠭᠤᠷᠪᠢᠬᠤ ᠡᠴᠠ ᠭᠠᠳᠠᠨ᠎ᠠ《 ᠨᠠᠮᠢᠷ》ᠫᠸᠷᠳᠠᠠᠱᠸᠨ ᠢ ᠤᠳᠤᠷᠢᠳᠤᠨ ᠠᠵᠢᠯᠯᠠᠭᠤᠯᠳᠠᠭ᠃ ᠲᠡᠭᠦᠨ ᠦ ᠤᠷ᠎ᠠ ᠶ᠋ᠢᠨ ᠰᠠᠩ ᠳ᠋ᠥ 500 ᠭᠠᠷᠤᠢ ᠳᠠᠭᠤᠤ ᠪᠠᠶᠢᠳᠠᠭ ᠡᠴᠠ ᠳᠠᠭᠤᠴᠢᠨ ᠵᠢᠪᠬᠤᠯᠠᠩ ᠤᠨ ᠳᠠᠭᠤᠯᠠᠭᠰᠠᠨ《 ᠳᠤᠯᠠᠭᠠᠬᠠᠨ ᠨᠠᠮᠤᠷ 》᠂ ᠳᠠᠭᠤᠴᠢᠨ ᠪᠣᠯᠣᠳᠪᠠᠭᠠᠲᠤᠷ ᠤᠨ ᠳᠠᠭᠤᠯᠠᠭᠰᠠᠨ《 ᠪᠣᠰᠣᠭ᠎ᠠ ᠬᠡᠶᠢᠮᠦᠷᠢ ᠲᠠᠢ ᠡᠷ᠎ᠡ ᠬᠥᠮᠥᠨ 》᠂ ᠳᠠᠭᠤᠴᠢᠨ ᠨᠣᠶᠠᠨ ᠪᠣᠨᠳᠤᠭᠤᠷ ᠤᠨ ᠳᠠᠭᠤᠯᠠᠭᠰᠠᠨ《 ᠮᠢᠨᠤ ᠨᠠᠶᠢᠵᠠ 》᠂ ᠳᠠᠭᠤᠴᠢᠨ ᠮᠥᠩᠬᠡᠪᠠᠲᠤ ᠤᠨ ᠳᠠᠭᠤᠯᠠᠭᠰᠠᠨ《 ᠮᠠᠨᠠᠢ ᠠᠳᠤᠭᠤ 》ᠭᠡᠳ ᠰᠡᠭᠦᠯ ᠦᠨ ᠵᠢᠯ ᠦᠳ ᠦᠨ ᠮᠣᠩᠭᠣᠯ ᠤᠨ ᠨᠡᠶᠢᠲᠡ ᠶ᠋ᠢᠨ ᠳᠠᠭᠤᠨ ᠤ ᠰᠢᠯᠢᠳᠡᠭ ᠤᠷᠠᠨ ᠪᠦᠲᠦᠭᠡᠯ ᠦᠳ ᠪᠠᠭᠲᠠᠳᠠᠭ᠃

ᠣᠷᠠᠯᠢᠭᠴᠢᠨ ‍ᠣ ᠴᠤᠮᠤᠭ

ᠣᠷᠠᠯᠢᠭᠴᠢᠨ ‍ᠣ ᠲᠠᠭᠤᠤ