ᠡᠬᠢᠯᠡᠯ  —   ᠣᠷᠠᠯᠢᠭᠴᠢᠨ   —   ᠪ · ᠰᠠᠷᠠᠨᠲᠤᠶᠠᠭ᠎ᠠ

ᠪ · ᠰᠠᠷᠠᠨᠲᠤᠶᠠᠭ᠎ᠠ ᠬᠠᠳᠠᠭᠠᠯᠠᠬᠤ ᠲᠠᠭᠤᠤ᠄ 258 ᠴᠣᠮᠣᠭ᠄ 13 ᠲᠠᠶᠢᠯᠪᠣᠷᠢ᠄ ᠡᠮᠡᠭᠲᠡᠢ ᠳᠠᠭᠤᠴᠢᠨ ᠣᠩᠰᠢᠭᠰᠠᠨ ᠤᠳᠠᠭ᠎ᠠ᠄ 844

ᠣᠷᠠᠯᠢᠭᠴᠢᠨ ‍ᠣ ᠨᠠᠮᠳᠠᠷ

     ᠪ · ᠰᠠᠷᠠᠨᠲᠤᠶᠠᠭ᠎ᠠ᠂ ᠮᠤᠩᠭᠤᠯ ᠤᠯᠤᠰ ᠤᠨ ᠭᠠᠪᠢᠶᠠᠲᠦ ᠵᠦᠴᠦᠭᠡᠴᠢᠨ ᠪᠠᠲᠤᠮᠦ᠋ᠩᠬᠡ ᠶ᠋ᠢᠨ ᠰᠠᠷᠠᠨᠲᠤᠶᠠᠭ᠎ᠠ 1970 ᠤᠨ ᠤ 4 ᠰᠠᠷ᠎ᠠ ᠶ᠋ᠢᠨ 20 ᠳ᠋ᠥ ᠤᠯᠠᠭᠠᠨᠪᠠᠭᠠᠲᠤᠷ ᠬᠤᠲᠠ ᠳ᠋ᠥ ᠲᠦᠷᠦᠭᠰᠡᠨ᠃ ᠲᠡᠭᠦᠨ ᠦ ᠠᠪᠤ᠋ ᠨᠢ ᠮᠤᠩᠭᠤᠯ᠂ ᠡᠵᠢ ᠨᠢ ᠶᠠᠺᠤᠲ ᠦᠨᠳᠤᠰᠦᠲᠡᠨ ᠶᠤᠮ᠃ ᠳᠠᠭᠤᠴᠢᠨ ᠪᠦᠰᠡᠭᠦᠢ ᠮᠠᠨᠢ ᠨᠡᠶᠢᠰᠯᠡᠯ ᠦᠨ 23 ᠳ᠋ᠤᠭᠠᠷ ᠳᠤᠮᠳᠠᠳᠦ ᠰᠤᠷᠭᠠᠭᠤᠯᠢ ᠳ᠋ᠥ ᠨᠢᠭᠡᠨ ᠰᠢᠷᠭᠠᠯ ᠦᠰᠦᠲᠦ ᠤᠷᠤᠰ ᠪᠠᠭᠰᠢ ᠶ᠋ᠢᠨ ᠠᠩᠭᠢ ᠳ᠋ᠥ ᠤᠷᠤᠭᠰᠠᠨ ᠪᠦᠭᠡᠳ ᠲᠡᠷᠡ ᠡᠮᠡᠭᠲᠡᠢ ᠲᠡᠭᠦᠨ ᠢ ᠳᠠᠭᠤᠴᠢᠨ ᠪᠤᠯᠬᠤ ᠳ᠋ᠥ ᠬᠠᠮᠤᠭ ᠤᠨ ᠶᠡᠬᠡ ᠨᠦᠯᠦᠭᠡᠯᠡᠭᠰᠡᠨ ᠬᠦᠮᠦᠨ ᠶᠤᠮ᠃ ᠳᠤᠮᠳᠠᠳᠤ ᠰᠤᠷᠭᠠᠭᠤᠯᠢ ᠳ᠋ᠥ ᠰᠤᠷᠤᠭᠴᠢ ᠪᠠᠶᠢᠬᠤ ᠳ᠋ᠥ ᠪᠡᠨ《ᠮᠦᠩᠭᠦᠨ ᠬᠠᠷᠠᠨᠳᠠ》ᠬᠡᠮᠡᠬᠦ ᠬᠠᠮᠲᠤᠯᠢᠭ ᠪᠠᠶᠢᠭᠤᠯᠵᠦ ᠲᠤᠬᠠᠢ ᠶ᠋ᠢᠨ ᠦᠶ᠎ᠡ ᠶ᠋ᠢᠨ ᠪᠠᠷᠠᠭᠤᠨ ᠤ ᠤᠷᠤᠨ ᠨᠤᠭᠤᠳ ᠳ᠋ᠥ ᠬᠡᠶᠢᠲᠦ ᠪᠤᠯᠵᠦ ᠪᠠᠶᠢᠭᠰᠠᠨ ᠳᠠᠭᠤᠤ ᠶ᠋ᠢ ᠳᠠᠭᠤᠯᠠᠳᠠᠭ ᠪᠠᠶᠢᠵᠠᠢ᠃ 1988 ᠤᠨ ᠳ᠋ᠥ ᠨᠡᠶᠢᠰᠯᠡᠯ ᠦᠨ ᠬᠠᠮᠲᠤᠯᠢᠭ ᠤᠳ ᠤᠨ ᠰᠢᠯᠢᠳᠡᠭ ᠱᠠᠩᠨᠠᠯ ᠢ ᠬᠦᠷᠲᠡᠵᠦ ᠪᠠᠶᠢᠭᠰᠠᠨ ᠳᠠᠭᠤᠴᠢᠨ ᠮᠠᠨᠢ《ᠠᠶ᠎ᠠ ᠳᠠᠭᠤᠨ ᠤ ᠵᠢᠭᠦᠷ》ᠨᠠᠭᠠᠳᠤᠮ ᠤᠨ ᠤᠯᠠᠷᠢᠯ ᠤᠨ ᠪᠤᠯᠤᠨ ᠵᠢᠯ ᠦᠨ ᠲᠡᠷᠢᠭᠦᠨ ᠪᠠᠶᠢᠷᠢ ᠶ᠋ᠢᠨ ᠱᠠᠩᠨᠠᠯ ᠢ ᠭᠤᠷᠪᠠᠨ ᠤᠳᠠᠭ᠎ᠠ᠂ ᠫᠸᠨ᠋ᠲ᠋ᠠᠲ᠋ᠤᠨᠢᠺ ᠨᠠᠭᠠᠳᠤᠮ ᠤᠨ ᠰᠢᠯᠢᠳᠡᠭ ᠳᠠᠭᠤᠴᠢᠨ ᠢᠶᠠᠷ ᠭᠤᠷᠪᠠᠨ ᠤᠳᠠᠭ᠎ᠠ᠂《ᠠᠯᠲᠠᠨ ᠮᠢᠺᠷᠤᠹᠤᠨ》ᠨᠠᠭᠠᠳᠤᠮ ᠤᠨ ᠰᠢᠯᠢᠳᠡᠭ ᠱᠠᠩᠨᠠᠯ ᠢ ᠮᠦᠨ ᠭᠤᠷᠪᠠᠨ ᠤᠳᠠᠭ᠎ᠠ᠂ 1991 ᠤᠨ ᠳ᠋ᠥ ᠪᠦᠭᠦᠳᠡ ᠨᠠᠶᠢᠷᠠᠮᠳᠠᠬᠤ  ᠳᠤᠮᠳᠠᠳᠤ ᠠᠷᠠᠳ ᠤᠯᠤᠰ ᠤᠨ ᠱᠠᠩᠬᠠᠢ ᠬᠤᠲᠠ ᠳ᠋ᠥ ᠪᠤᠯᠤᠭᠰᠠᠨ《ᠠᠽᠢᠶ᠎ᠠ ᠶ᠋ᠢᠨ ᠳᠠᠭᠤᠴᠢᠳ》‍‍ᠨᠠᠭᠠᠳᠤᠮ ᠡᠴᠠ ᠮᠦᠩᠭᠦᠨ ᠮᠸᠳᠡᠯ᠂ 1993 ᠤᠨ ᠳ᠋ᠥ ᠺᠠᠽᠠᠠᠠᠰᠲ᠋ᠠᠨ ᠤᠯᠤᠰ ᠳ᠋ᠥ ᠶᠠᠪᠤᠭᠳᠠᠭᠰᠠᠨ《ᠠᠽᠢᠶ᠎ᠠ ᠶ᠋ᠢᠨ ᠳᠠᠭᠤᠤ ᠬᠤᠭᠤᠯᠠᠢ》ᠨᠠᠭᠠᠳᠤᠮ ᠡᠴᠠ ᠲᠡᠷᠢᠭᠦᠨ ᠪᠠᠶᠢᠷᠢ ᠶ᠋ᠢᠨ ᠱᠠᠩᠨᠠᠯ᠂ 1994 ᠤᠨ ᠳ᠋ᠥ《ᠰᠢᠯᠢᠳᠡᠭ ᠦᠩᠭᠡ ᠲᠦᠷᠬᠦ》ᠨᠠᠭᠠᠳᠤᠮ ᠡᠴᠠ ᠨᠢᠭᠡᠳᠦᠭᠡᠷ ᠪᠠᠶᠢᠷᠢ ᠶ᠋ᠢᠨ ᠱᠠᠩᠨᠠᠯ ᠲᠤᠰ ᠲᠤᠰ ᠬᠦᠷᠲᠡᠵᠦ ᠪᠠᠶᠢᠵᠠᠢ᠃ ᠮᠥᠨ ᠴᠦ ᠮᠤᠩᠭᠤᠯ ᠤᠨ ᠠᠷᠠᠳ ᠲᠦᠮᠡᠨ ᠡᠴᠡ《20 ᠳ᠋ᠤᠭᠠᠷ ᠵᠠᠭᠤᠨ ᠤ ᠰᠢᠯᠢᠳᠡᠭ ᠮᠠᠩᠯᠠᠢ ᠡᠰᠲ᠋ᠷᠠᠳ᠋ ᠳᠠᠭᠤᠴᠢᠨ》ᠴᠤᠯᠠ ᠢ ᠬᠦᠷᠲᠡᠭᠰᠡᠨ ᠤᠶᠠᠩᠭᠠᠯᠢᠭ᠂ ᠬᠦᠴᠦᠷᠬᠡᠭ ᠬᠤᠭᠤᠯᠠᠶᠢᠲᠦ ᠮᠤᠩᠭᠤᠯ ᠤᠨ ᠪᠠᠬᠠᠷᠬᠠᠯ ᠪᠤᠯᠤᠭᠰᠠᠨ ᠳᠠᠭᠤᠴᠢᠨ ᠶᠤᠮ᠃

ᠣᠷᠠᠯᠢᠭᠴᠢᠨ ‍ᠣ ᠴᠤᠮᠤᠭ

ᠰᠢᠨ᠎ᠡ ᠵᠢᠯ ᠦᠨ ᠴᠠᠭᠠᠨ ᠰᠦᠨᠢ ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 450
ᠪᠢ ᠵᠢᠷᠭᠠᠯ ᠲᠠᠢ ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 336
ᠰᠡᠳᠬᠢᠯ ᠦᠨ ᠶᠢᠰᠦᠨ ᠴᠠᠴᠤᠯᠢ ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 354
ᠠᠷᠭ᠎ᠠ ᠦᠭᠡᠢ ᠮᠤᠩᠭᠤᠯ ᠠᠶᠠᠯᠭᠤ ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 339
ᠠᠷᠭ᠎ᠠ ᠦᠭᠡᠢ ᠠᠮᠠᠷᠠᠭ ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 362
ᠲᠦᠷᠦᠭᠰᠡᠨ ᠡᠳᠦᠷ ᠦᠨ ᠠᠶᠠᠯᠭᠤ ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 350
ᠦᠨᠦᠳᠦᠷ ᠢᠷᠡᠭᠰᠡᠨ ᠳᠤᠷᠠᠯᠠᠯ ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 339
ᠬᠠᠶᠢᠷ᠎ᠠ ᠶ᠋ᠢᠨ ᠪᠡᠯᠡᠭ ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 343
ᠡᠭᠡᠯ ᠰᠡᠳᠬᠢᠯ ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 402
ᠬᠠᠶᠢᠷ᠎ᠠ ᠶ᠋ᠢᠨ ᠵᠤᠷᠢᠯᠭ᠎ᠠ ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 397
ᠵᠡᠭᠦᠳ‍ᠤ‍ᠨ ᠦ ᠭᠤᠪᠢ ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 394
Saraa de Moon ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 362
Return to Desert ᠲᠠᠭᠤᠴᠢᠨ ᠄ ᠪ · ᠰᠠᠷᠠᠨᠲᠤᠶᠠᠭ᠎ᠠ ᠣᠩᠰᠢᠭᠰᠠᠨ ᠤᠳᠠᠭ᠎ᠠ ᠄ 341

ᠣᠷᠠᠯᠢᠭᠴᠢᠨ ‍ᠣ ᠲᠠᠭᠤᠤ