ᠡᠬᠢᠯᠡᠯ  —   ᠣᠷᠠᠯᠢᠭᠴᠢᠨ   —   ᠪᠦᠷᠢᠨᠪᠠᠶᠠᠷ

ᠪᠦᠷᠢᠨᠪᠠᠶᠠᠷ ᠬᠠᠳᠠᠭᠠᠯᠠᠬᠤ ᠲᠠᠭᠤᠤ᠄ 853 ᠴᠣᠮᠣᠭ᠄ 6 ᠲᠠᠶᠢᠯᠪᠣᠷᠢ᠄ ᠡᠷᠡᠭᠲᠡᠢ ᠳᠠᠭᠤᠴᠢᠨ ᠣᠩᠰᠢᠭᠰᠠᠨ ᠤᠳᠠᠭ᠎ᠠ᠄ 1274

ᠣᠷᠠᠯᠢᠭᠴᠢᠨ ‍ᠣ ᠨᠠᠮᠳᠠᠷ

    ᠠᠯᠳᠠᠷᠳᠤ ᠬᠤᠭᠤᠷᠴᠢ ᠪᠦᠷᠢᠨᠪᠠᠶᠠᠷ᠂ 1928 ᠣᠨ ᠳ᠋ᠤ ᠬᠣᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠲᠦᠷᠦᠯᠵᠢ ᠨᠤᠲᠤᠭ ᠤᠨ ᠪᠠᠶᠠᠨ ᠲᠠᠷᠢᠶᠠᠴᠢᠨ ᠫᠸᠯᠵᠠᠢ ᠶ᠋ᠢᠨ ᠬᠣᠶᠠᠳᠤᠭᠠᠷ ᠬᠦᠪᠡᠭᠦᠨ ᠪᠣᠯᠵᠤ ᠵᠠᠶᠠᠭᠠᠵᠠᠢ᠃ ᠪᠦᠷᠢᠨᠪᠠᠶᠠᠷ ᠬᠠᠷᠠᠬᠠᠨ ᠪᠠᠭ᠎ᠠ ᠡᠴᠠ ᠪᠠᠨ ᠰᠡᠴᠡᠨ ᠰᠡᠷᠭᠦᠯᠡᠩ ᠬᠡᠦᠬᠡᠳ ᠪᠠᠶᠢᠭᠰᠠᠨ ᠪᠦᠭᠡᠳ ᠲᠡᠭᠦᠨ ᠢ ᠳᠣᠯᠤᠭᠠᠨ ᠨᠠᠰᠤᠨ ᠤ ᠦᠶ᠎ᠡ ᠳᠤ ᠠᠪᠤ᠋ ᠨᠢ ᠭᠡᠷ ᠦᠨ ᠪᠠᠭᠰᠢ ᠵᠠᠯᠠᠵᠤ ᠬᠢᠳᠠᠳ ᠪᠢᠴᠢᠭ ᠵᠢᠭᠠᠯᠭᠠᠵᠤ ᠪᠠᠶᠢᠭᠰᠠᠨ ᠲᠤᠯᠠ ᠪᠦᠷᠢᠨᠪᠠᠶᠠᠷ ᠲᠡᠷᠡ ᠦᠶ᠎ᠡ ᠡᠴᠡ ᠪᠡᠨ 《ᠳᠦᠷᠪᠡᠨ ᠪᠢᠴᠢᠭ 》᠂ 《ᠲᠠᠪᠤᠨ ᠰᠤᠳᠤᠷ 》 ᠲᠤ ᠨᠡᠪᠲᠡᠷᠡᠵᠦ᠂ ᠵᠢᠷᠤᠬᠠᠶᠢᠴᠢ ᠨᠣᠮ ᠢ ᠴᠡᠭᠡᠵᠢᠯᠡᠵᠦ ᠪᠠᠶᠢᠭᠰᠠᠨ ᠭᠡᠳᠡᠭ᠃
     ᠨᠢᠭᠡᠨ ᠦᠶ᠎ᠡ ᠶ᠋ᠢᠨ ᠨᠡᠷᠡᠲᠦ ᠬᠤᠭᠤᠷᠴᠢ ᠪᠦᠷᠢᠨᠪᠠᠶᠠᠷ 《ᠰᠦᠢ ᠲᠠᠩ ᠤᠨ ᠦᠯᠢᠭᠡᠷ 》᠂ 《ᠡᠦ ᠶᠤᠸᠠᠢ ᠴᠦᠨ ᠴᠢᠦ 》᠂ 《ᠯᠣᠣ ᠪᠠᠷᠰᠲᠤ ᠬᠣᠶᠠᠷ ᠠᠭᠤᠯᠠ 》 ᠵᠡᠷᠭᠡ ᠣᠯᠠᠨ ᠦᠯᠢᠭᠡᠷ ᠢ ᠰᠢᠩᠭᠡᠭᠡᠵᠦ ᠦᠯᠡᠳᠡᠭᠡᠭᠰᠡᠨ ᠪᠣᠯᠪᠠᠴᠤ ᠲᠡᠭᠦᠨ ᠤ ᠨᠠᠮᠳᠠᠷ ᠲᠡᠦᠬᠡ ᠶ᠋ᠢᠨ ᠲᠤᠬᠠᠢ ᠨᠣᠮ ᠲᠡᠪᠲᠡᠷ ᠦᠳ ᠲᠦ ᠲᠡᠶᠢᠮᠦ ᠴᠦ ᠣᠯᠠᠨ ᠲᠡᠮᠳᠡᠭᠯᠡᠯ ᠬᠣᠴᠤᠷᠤᠭᠰᠠᠨ ᠦᠭᠡᠢ ᠨᠢ ᠠᠷᠠᠢ ᠬᠠᠷᠠᠮᠰᠠᠯᠲᠠᠢ ᠰᠠᠨᠠᠭᠳᠠᠬᠤ ᠶᠣᠮ᠃ ᠭᠡᠪᠡᠴᠦ ᠠᠷᠠᠳ ᠤᠨ ᠤᠷᠠᠯᠢᠭᠴᠢᠨ ᠪᠦᠷᠢᠨᠪᠠᠶᠠᠷ ᠠᠷᠠᠳ ᠣᠯᠠᠨ ᠤ ᠪᠠᠨ ᠰᠡᠳᠬᠢᠯ ᠵᠢᠷᠦᠬᠡᠨ ᠳ᠋ᠦ ᠮᠦᠩᠬᠡᠷᠡᠵᠦ᠂ 《ᠪᠦᠷᠢᠨᠪᠠᠶᠠᠷ ᠲᠠᠢ ᠷᠠᠳᠢᠣ‍ 》 ᠮᠡᠳᠦ ᠶ᠋ᠢᠨ ᠠᠯᠢ ᠦᠯᠢᠭᠡᠷ ᠳᠤᠷᠠᠰᠤᠮᠵᠢ ᠨᠤᠭᠤᠳ ᠦᠯᠢᠭᠡᠷ ᠬᠡᠯᠡᠳᠡᠭ ᠪᠦᠷᠢᠨᠪᠠᠶᠠᠷ ᠢ ᠦᠯᠢᠭᠡᠷ ᠦᠨ ᠪᠠᠭᠠᠲᠤᠷ ᠪᠣᠯᠭᠠᠨ ᠱᠤᠭᠤᠵᠠᠢ᠃


ᠣᠷᠠᠯᠢᠭᠴᠢᠨ ‍ᠣ ᠴᠤᠮᠤᠭ

ᠡᠦ ᠶᠣᠸᠠᠢ ᠴᠦᠨ ᠴᠢᠦ ᠲᠠᠭᠤᠴᠢᠨ ᠄ ᠪᠦᠷᠢᠨᠪᠠᠶᠠᠷ ᠣᠩᠰᠢᠭᠰᠠᠨ ᠤᠳᠠᠭ᠎ᠠ ᠄ 569
ᠰᠢᠦᠸᠠᠢ ᠭᠠᠩ ᠲᠠᠩ ᠠᠴᠠ ᠤᠷᠪᠠᠭᠰᠠᠨ ᠲᠠᠭᠤᠴᠢᠨ ᠄ ᠪᠦᠷᠢᠨᠪᠠᠶᠠᠷ ᠣᠩᠰᠢᠭᠰᠠᠨ ᠤᠳᠠᠭ᠎ᠠ ᠄ 499
ᠯᠤᠤ ᠭᠠᠷᠤᠳᠢ ᠶᠢᠨ ᠬᠦᠭᠦᠷᠭᠡ ᠲᠠᠭᠤᠴᠢᠨ ᠄ ᠪᠦᠷᠢᠨᠪᠠᠶᠠᠷ ᠣᠩᠰᠢᠭᠰᠠᠨ ᠤᠳᠠᠭ᠎ᠠ ᠄ 781
ᠯᠤᠤ ᠪᠠᠷᠰ ᠤᠨ ᠬᠣᠶᠠᠷ ᠠᠭᠤᠯᠠ ᠲᠠᠭᠤᠴᠢᠨ ᠄ ᠪᠦᠷᠢᠨᠪᠠᠶᠠᠷ ᠣᠩᠰᠢᠭᠰᠠᠨ ᠤᠳᠠᠭ᠎ᠠ ᠄ 670
ᠰᠦᠢ ᠲᠠᠩ ᠤᠨ ᠦᠯᠢᠭᠡᠷ ᠲᠠᠭᠤᠴᠢᠨ ᠄ ᠪᠦᠷᠢᠨᠪᠠᠶᠠᠷ ᠣᠩᠰᠢᠭᠰᠠᠨ ᠤᠳᠠᠭ᠎ᠠ ᠄ 612

ᠣᠷᠠᠯᠢᠭᠴᠢᠨ ‍ᠣ ᠲᠠᠭᠤᠤ