ᠡᠬᠢᠯᠡᠯ  —   ᠣᠷᠠᠯᠢᠭᠴᠢᠨ   —   ᠰᠠᠷᠠᠨᠲᠤᠨᠠᠯ

ᠰᠠᠷᠠᠨᠲᠤᠨᠠᠯ ᠬᠠᠳᠠᠭᠠᠯᠠᠬᠤ ᠲᠠᠭᠤᠤ᠄ 24 ᠴᠣᠮᠣᠭ᠄ 1 ᠲᠠᠶᠢᠯᠪᠣᠷᠢ᠄ ᠡᠮᠡᠭᠲᠡᠢ ᠳᠠᠭᠤᠴᠢᠨ ᠣᠩᠰᠢᠭᠰᠠᠨ ᠤᠳᠠᠭ᠎ᠠ᠄ 812

ᠣᠷᠠᠯᠢᠭᠴᠢᠨ ‍ᠣ ᠨᠠᠮᠳᠠᠷ

     ᠲᠠᠭᠤᠴᠢᠨ᠂ ᠪᠦᠵᠢᠭᠴᠢᠨ ᠰᠠᠷᠠᠨᠳᠤᠨᠠᠯ ᠪᠤᠯ ᠦᠪᠦᠷ ᠮᠤᠩᠭᠤᠯ ᠤᠨ ᠦᠦᠰᠢᠨ ᠨᠤᠲᠤᠭ ᠲᠤ ᠲᠦᠷᠦᠵᠦ ᠦᠰᠦᠭᠰᠡᠨ᠃ 2002 ᠤᠨ ᠡᠴᠡ 2006 ᠤᠨ ᠪᠤᠯᠳᠠᠯ᠎ᠠ ᠦᠪᠦᠷ ᠮᠤᠡᠭᠭᠤᠯ ‍ᠤᠨ ᠦᠨᠳᠤᠰᠤᠳᠠᠨ ᠤ ᠴᠡᠴᠡᠷᠯᠢᠭ ᠦᠨ ᠪᠠᠭᠰᠢ ᠵᠢᠨ ᠰᠤᠷᠭᠠᠭᠤᠯᠢ ᠳ᠋ᠥ ᠪᠦᠵᠢᠭ ᠤᠨ ᠮᠡᠷᠬᠡᠵᠢᠯ ᠢᠶᠠᠷ ᠰᠤᠷᠤᠯᠴᠠᠵᠤ ᠲᠡᠬᠦᠰᠦᠬᠡᠳ᠂ 2007 ᠤᠨ ᠡᠴᠡ ᠬᠤᠶᠢᠰᠢ ᠦᠤᠰᠢᠨ ᠬᠤᠰᠢᠭᠤᠨ ᠤ ᠤᠯᠠᠭᠠᠨᠮᠦᠢᠴᠢᠷ ᠲᠤ ᠠᠵᠢᠯᠯᠠᠪᠠ᠃ 2014 ᠤᠨ ᠳ᠋ᠥ ᠤᠯᠤᠰ ᠤᠨ ᠬᠣᠶᠠᠳᠣᠭᠠᠷ ᠲᠠᠰ ‍ᠤᠨ ᠲᠤᠭᠯᠠᠭᠴᠢ ᠪᠤᠯᠪᠠ᠃
     2009 ᠣᠨ ᠡᠴᠨ 2013 ᠣᠨ ᠭᠦᠷᠳᠡᠯ᠎ᠠ ᠪᠦᠯᠭᠦᠮ ᠲᠠᠢ ᠪᠠᠨ ᠬᠠᠮᠳᠣ ᠭᠠᠳᠠᠭᠠᠳᠣ ᠳᠣᠳᠣᠭᠠᠳᠣ ᠳᠤ ᠣᠯᠡᠨ ᠣᠳᠠᠭ᠎ᠠ ᠲᠣᠬᠯᠠᠯᠳᠠ ᠭᠢᠵᠣ ᠮᠠᠰᠢ ᠣᠯᠠᠨ ᠱᠠᠩᠨᠠᠯ ᠢ ᠭᠦᠷᠳᠡᠵᠢ᠃ 2011 ᠤᠨ ᠳᠤ 《 ᠤᠷᠳᠤᠰ ᠬᠤᠷᠢᠮ 》 ᠭᠡᠭᠦ 18 ᠪᠦᠯᠦᠭᠳᠤ ᠲᠸᠯᠸᠢᠰ ᠵᠦᠴᠦᠭᠡ ᠳᠦ ᠲᠦᠷᠢ ᠪᠦᠳᠦᠭᠡᠵᠣ᠂ ᠮᠦᠨᠴᠣ ᠮᠠᠰᠢ ᠣᠯᠠᠨ ᠣᠬᠣᠷ ᠺᠢᠨᠣ᠋ ᠳᠤ ᠲᠦᠷᠢ ᠪᠦᠳᠦᠭᠡᠪᠡ᠃
     2012 ᠤᠨ ᠡᠴᠡ ᠤᠷᠠᠨ ᠪᠦᠳᠦᠬᠡᠯᠴᠢ ᠲᠦᠪᠰᠢᠨᠵᠠᠶᠠᠭ᠎ᠠ ᠶ᠋ᠢᠨ ᠲᠠᠭᠠᠭᠤᠯᠭ᠎ᠠ ᠪᠠᠷ ᠲᠠᠭᠤᠴᠢᠨ ᠤ ᠮᠡᠷᠬᠡᠵᠢᠯ ᠢᠶᠠᠷ ᠬᠢᠴᠢᠶᠡᠯᠯᠡᠵᠤ᠂ ᠮᠦᠨ ᠮᠤᠩᠭᠤᠯ ᠤᠯᠤᠰ ᠤᠨ ᠴᠡᠷᠢᠭ ᠤᠨ ᠲᠠᠭᠤᠤ ᠪᠦᠵᠢᠭ ᠤᠨ ᠡᠷᠳᠡᠮ ᠤᠨ ᠴᠢᠭᠤᠯᠭ᠎ᠠ ᠶ᠋ᠢᠨ ᠶᠡᠷᠦᠩᠬᠢ ᠭᠸᠮᠡᠰᠲ᠋ᠸᠷ᠂ ᠮᠤᠩᠭᠤᠯ ᠤᠯᠤᠰ ᠤᠨ ᠰᠤᠶᠤᠯ ᠤᠨ ᠲᠡᠷᠢᠬᠦᠨ ᠤ ᠠᠵᠢᠯᠳᠠᠨ ᠠ‍ · ᠠᠷᠢᠭᠤᠨᠵᠠᠶᠠᠭ᠎ᠠ ᠪᠠᠭᠰᠢ ᠳᠤ ᠱᠠᠪᠢ ᠤᠷᠤᠵᠤ ᠬᠦᠭᠵᠢᠮ ᠤᠨ ᠮᠡᠷᠬᠡᠵᠢᠯ ᠢᠶᠡᠨ ᠲᠡᠬᠡᠭᠰᠢᠯᠡᠬᠦᠯᠦᠭᠰᠡᠨ᠃ ᠪᠦᠮᠪᠦᠷᠴᠢᠨ ᠮᠦᠷᠡᠨ᠂ ᠺᠢᠲ᠋ᠠᠷᠴᠢᠨ ᠰᠠᠶᠢᠨ᠎ᠠ᠂ ᠠᠷᠬᠢᠯ ᠺᠢᠲ᠋ᠠᠷᠴᠢᠨ ᠰᠠᠷᠠᠨᠰᠦ᠋ᠭᠡ᠂ ᠺᠢᠪᠤᠷᠴᠢᠨ ᠳᠠᠸᠠᠬᠦᠦ ᠪᠠᠷ ᠪᠦᠷᠢᠯᠳᠦᠭᠰᠡᠨ ᠠᠮᠢᠳᠤ ᠭᠦᠭᠵᠢᠮ ᠤᠨ ᠬᠠᠮᠳᠤᠯᠢᠭ ᠲᠡᠢ ᠬᠤᠶᠠᠷ ᠵᠢᠯ ᠰᠢᠬᠠᠮ ᠤᠨ ᠪᠤᠯᠪᠠᠰᠤᠷᠠᠯ ᠬᠢᠵᠤ ᠤᠯᠠᠨ ᠤᠳᠠᠭ᠎ᠠ ᠬᠠᠮᠳᠤᠷᠠᠨ ᠲᠤᠭᠯᠠᠵᠤ ᠪᠠᠶᠢᠭᠰᠠᠨ᠃
     2014 ᠣᠨ ᠳᠤ ᠳᠤᠭᠯᠠᠭᠰᠠᠨ ᠤᠷᠳᠤᠰ ᠮᠤᠩᠭᠤᠯ ᠵᠦᠴᠦᠬᠡ 《 ᠬᠠᠷ᠎ᠠ ᠳᠤᠷᠭᠠᠨ ᠬᠠᠨᠵᠢᠶᠠᠷ 》 ᠨᠢ ᠳᠤᠮᠳᠠᠳᠤ ᠤᠯᠤᠰ᠂ ᠳᠠᠯ᠎ᠠ ᠨᠤᠳᠤᠭ ‍ᠤᠨ ᠰᠤᠶᠤᠯ ‍ᠤᠨ ᠴᠢᠭᠤᠯᠭᠠᠨ ᠳᠤ ᠤᠷᠤᠯᠴᠡᠭᠠᠳ᠂ ᠰᠢᠯᠢᠳᠡᠭ ᠰᠤᠩᠭᠤᠳᠠᠭ ᠱᠠᠩᠨᠠᠯ ᠪᠠ ᠬᠤᠪᠢ ᠬᠦᠮᠦᠨ ‍ᠤ ᠲᠤᠭᠯᠠᠯᠳᠠ ᠶ᠋ᠢᠨ ᠤᠷ᠎ᠠ ᠠᠪᠢᠶᠠᠰ ᠤᠨ ᠱᠠᠩᠨᠠᠯ ‍ᠢ ᠬᠦᠷᠲᠡᠭᠡᠳ ᠡᠮᠤᠨ᠎ᠠ ᠬᠤᠶᠢᠨ᠎ᠠ ᠬᠦᠬᠡᠬᠤᠳᠠ᠂ ᠠᠯᠠᠱᠠ᠂ ᠬᠢᠩᠭᠠᠨ ᠠᠶᠢᠮᠠᠭ ᠵᠡᠷᠭᠡ ᠭᠠᠵᠠᠷ ᠢᠶᠠᠷ ᠪᠦᠬᠦ ᠤᠷᠤᠨ ‍ᠤ ᠳᠤᠭᠤᠷᠢᠨ ᠳᠤᠭᠯᠠᠯᠳᠠ ᠬᠢᠵᠤ᠂ ᠦᠵᠡᠭᠴᠢᠳ ‍ᠤᠨ ᠬᠠᠯᠠᠭᠤᠨ ᠬᠦᠷᠢᠶᠠᠯᠠᠯ ‍ᠢ ᠣᠯᠣᠭᠰᠠᠨ ᠪᠠᠶᠢᠨ᠎ᠠ᠃
     2014 ᠤᠨ ᠳᠤ ᠠᠩᠬᠠᠨ ᠤ CD ᠴᠤᠮᠤᠭ ᠪᠠ 5 ᠺᠢᠯᠤᠫ ‍ᠢ ᠬᠢᠭᠰᠡᠨ ᠪᠦᠬᠡᠳ 2014.6.15 ᠳᠦ ᠦᠪᠦᠷ ᠮᠤᠩᠭᠤᠯ ᠪᠠᠭᠤᠳᠠᠯ ᠳᠦ ᠠᠩᠬᠠᠨ ᠤ CD ᠴᠤᠮᠤᠭ ‍ᠤᠨ ᠬᠡᠪᠯᠡᠯ ᠤᠨ ᠪᠠᠭ᠎ᠠ ᠬᠤᠷᠠᠯ ᠢᠶᠡᠨ ᠬᠢᠪᠡ᠃
     2015 ᠣᠨ ‍ᠤ 5 ᠰᠠᠷ᠎ᠠ ᠳᠦ ᠮᠤᠩᠭᠤᠯ ᠤᠯᠤᠰ ‍ᠤᠨ 《 ᠬᠡᠬᠡᠨ ᠮᠦᠽᠸᠢ — 12 》 ᠣᠯᠠᠨ ᠤᠯᠤᠰ ‍ᠤᠨ ᠮᠤᠩᠭᠤᠯ ᠳᠤᠭᠤᠷᠭᠠᠳᠠᠨ ‍ᠤ ᠵᠦᠴᠦᠬᠡ ᠶ᠋ᠢᠨ ᠨᠠᠭᠠᠳᠤᠮ ᠳᠦ ᠤᠷᠤᠯᠴᠠᠭᠠᠳ ᠰᠢᠯᠢᠳᠡᠭ ᠱᠠᠩᠨᠠᠯ ‍ᠢ ᠬᠦᠷᠳᠡᠵᠤ᠂ ᠳᠤᠰ ᠵᠢᠯ ‍ᠤᠨ 6 ᠰᠠᠷ᠎ᠠ ᠳᠦ ᠠᠩᠬᠠᠳᠤᠭᠠᠷ ᠬᠤᠭᠤᠴᠠᠭᠠᠨ ‍ᠤ ᠳᠦᠷᠪᠡᠨ ᠮᠤᠵᠢ ᠤᠷᠤᠨ ‍ᠤ ᠤᠷᠤᠨ ᠨᠤᠳᠤᠭ ‍ᠤᠨ ᠰᠢ ᠵᠦᠴᠦᠬᠡ ᠶ᠋ᠢᠨ ᠰᠢᠯᠢᠳᠡᠭ ᠵᠦᠴᠦᠬᠡ ᠶ᠋ᠢᠨ ᠳᠡᠯᠬᠡᠨ ᠦᠵᠡᠭᠦᠯᠦᠯᠭᠡ ᠳᠦ ᠤᠷᠤᠯᠴᠠᠭᠠᠳ ᠬᠣᠪᠢ ᠭᠦᠮᠣᠨ ‍ᠤ ᠳᠤᠭᠯᠠᠯᠳᠠ ᠶ᠋ᠢᠨ ᠰᠢᠯᠢᠳᠡᠭ ᠱᠠᠩᠨᠠᠯ ‍ᠢ ᠬᠦᠷᠲᠡᠵᠡᠢ᠃

ᠣᠷᠠᠯᠢᠭᠴᠢᠨ ‍ᠣ ᠴᠤᠮᠤᠭ

ᠬᠠᠶᠢᠷ᠎ᠠ ᠶᠢᠨ ᠬᠠᠪᠤᠷ ᠲᠠᠭᠤᠴᠢᠨ ᠄ ᠰᠠᠷᠠᠨᠲᠤᠨᠠᠯ ᠣᠩᠰᠢᠭᠰᠠᠨ ᠤᠳᠠᠭ᠎ᠠ ᠄ 783