ᠡᠬᠢᠯᠡᠯ  —   ᠣᠷᠠᠯᠢᠭᠴᠢᠨ   —   ᠪᠦᠷᠢᠨᠳᠡᠯᠭᠡᠷ

ᠪᠦᠷᠢᠨᠳᠡᠯᠭᠡᠷ ᠬᠠᠳᠠᠭᠠᠯᠠᠬᠤ ᠲᠠᠭᠤᠤ᠄ 64 ᠴᠣᠮᠣᠭ᠄ 2 ᠲᠠᠶᠢᠯᠪᠣᠷᠢ᠄ ᠬᠥᠭᠵᠢᠮ ᠦᠨ ᠵᠣᠬᠢᠶᠠᠯᠴᠢ ᠣᠩᠰᠢᠭᠰᠠᠨ ᠤᠳᠠᠭ᠎ᠠ᠄ 1078

ᠣᠷᠠᠯᠢᠭᠴᠢᠨ ‍ᠣ ᠨᠠᠮᠳᠠᠷ

      ᠪᠦᠷᠢᠨᠳᠡᠯᠭᠡᠷ᠂ ᠠᠯᠳᠠᠷᠳᠤ ᠬᠦᠭᠵᠢᠮᠴᠢ᠂ ᠬᠦᠭᠵᠢᠮ ‍ᠤᠨ ᠵᠤᠬᠢᠶᠠᠯᠴᠢ᠂ ᠲᠡᠳ᠋ ᠫᠸᠷᠤᠹᠸᠰᠰᠤᠷ᠂ ᠤᠷᠠᠨ ᠲᠠᠩᠨᠠᠢ ᠠᠷᠠᠳ ‍ᠤᠨ ᠤᠷᠠᠨ ᠰᠠᠶᠢᠬᠠᠨ ‍ᠤ ᠪᠦᠯᠬᠦᠮ ‍ᠤᠨ ᠠᠬᠠᠯᠠᠭᠴᠢ᠂ 1981 ᠣᠨ ᠳ᠋ᠥ ᠤᠷᠳᠤᠰ ‍ᠤᠨ ᠦᠤᠰᠢᠨ ᠬᠤᠰᠢᠭᠤᠨ ‍ᠤ ᠤᠯᠠᠭᠠᠨᠮᠥ᠋ᠴᠢᠷ ᠲᠤ ᠬᠦᠭᠵᠢᠮᠴᠢᠨ ᠢᠶᠠᠷ ᠰᠢᠯᠭᠠᠭᠳᠠᠨ ᠤᠷᠤᠵᠦ ᠠᠵᠢᠯᠯᠠᠪᠠ᠃ 1988 ᠤᠨ ᠡᠴᠠ 1990 ᠤᠨ ᠪᠤᠯᠳᠠᠯ᠎ᠠ ᠥᠪᠥᠷ ᠮᠤᠩᠭᠤᠯ ‍ᠤᠨ ᠤᠷᠠᠯᠢᠭ ‍ᠤᠨ ᠲᠡᠭᠡᠳᠦ ᠰᠤᠷᠭᠠᠭᠤᠯᠢ ᠳ᠋ᠥ ᠲᠠᠪᠳᠠᠨ ᠪᠤᠯᠪᠠᠰᠤᠷᠠᠪᠠ᠃ ᠤᠷᠠᠯᠢᠭ ‍ᠤᠨ ᠠᠵᠢᠯ ᠬᠢᠭᠰᠡᠨ ᠭᠤᠴᠢᠭᠠᠳ ᠵᠢᠯ ‍ᠤᠨ ᠲᠤᠷᠰᠢ ᠲᠡᠷᠡ ᠪᠦᠬᠦ ᠤᠯᠤᠰ ‍ᠤᠨ ᠡᠯ᠎ᠡ ᠭᠠᠵᠠᠷ ᠤᠷᠤᠨ ᠢᠶᠠᠷ ᠲᠣᠭᠣᠷᠢᠨ ᠲᠤᠭᠯᠠᠵᠦ᠂ ᠦᠪᠡᠷ ‍ᠤᠨ ᠤᠷᠠᠨ ᠠᠪᠢᠶᠠᠰ ᠢᠶᠡᠨ ᠪᠠᠳᠠᠷᠠᠭᠤᠯᠵᠦ ᠶᠠᠪᠤᠭᠰᠠᠨ ᠪᠦᠭᠡᠳ 1996 ᠤᠨ ᠳ᠋ᠥ ᠶᠠᠫᠦᠨ᠂ ᠠᠮᠸᠷᠢᠺᠠ᠂ ᠲᠠᠶᠢᠸᠠᠨ ᠵᠡᠷᠭᠡ ᠤᠯᠤᠰ ᠤᠷᠤᠨ ᠢᠶᠠᠷ ᠠᠮᠵᠢᠯᠳᠡᠢ ᠲᠤᠭᠯᠠᠵᠦ ᠮᠤᠩᠭᠤᠯ ᠠᠷᠠᠳ ‍ᠤᠨ ᠤᠷᠠᠯᠢᠭ ᠢᠶᠡᠨ ᠲᠡᠯᠡᠬᠡᠢ ᠶ᠋ᠢᠨ ᠰᠤᠨᠤᠷ ᠲᠤ ᠬᠦᠷᠭᠡᠭᠰᠡᠨ ᠪᠠᠶᠢᠨ᠎ᠠ᠃ ᠪᠦᠷᠢᠨᠳᠡᠯᠭᠡᠷ ᠡᠳᠦᠬᠡ ᠥᠪᠥᠷ ᠮᠤᠩᠭᠤᠯ ‍ᠤᠨ ᠰᠢᠭᠤᠳ ᠬᠠᠷᠢᠶ᠎ᠠ ᠤᠯᠠᠭᠠᠨᠮᠥ᠋ᠴᠢᠷ ᠤᠨ ᠲᠤᠭᠯᠠᠭᠴᠢ᠂ ᠤᠯᠤᠰ ‍ᠤᠨ ᠬᠤᠶᠠᠳᠤᠭᠠᠷ ᠲᠠᠰ ‍ᠤᠨ ᠬᠦᠭᠵᠢᠮᠴᠢ᠂ ᠤᠷᠠᠯᠢᠭ ‍ᠤᠨ ᠵᠢᠭᠠᠨ ᠵᠢᠯᠤᠭᠤᠳᠤᠭᠴᠢ᠂ ᠥᠪᠥᠷ ᠮᠤᠩᠭᠤᠯ ‍ᠤᠨ ᠤᠳᠬ᠎ᠠ ᠤᠷᠠᠯᠢᠭ ‍ᠤᠨ ᠬᠤᠯᠪᠤᠭ᠎ᠠ ᠶ᠋ᠢᠨ ᠬᠢᠨ ᠦ ᠲᠠᠭᠤᠤ ᠬᠦᠭᠵᠢᠮᠴᠢᠳ ‍ᠤᠨ ᠨᠡᠶᠢᠭᠡᠮᠯᠢᠭ ‍ᠤᠨ ᠬᠡᠰᠢᠭᠦᠨ᠂ ᠲᠤᠮᠳᠠᠳᠤ ᠤᠯᠤᠰ ‍ᠤᠨ ᠶᠠᠩᠴᠢᠨ ᠬᠦᠭᠵᠢᠮ ‍ᠤᠨ ‍ᠤᠨ ᠨᠡᠶᠢᠭᠡᠮᠯᠢᠭ ‍ᠤᠨ ᠬᠡᠰᠢᠭᠦᠨ ᠪᠦᠭᠡᠳ ᠥᠪᠥᠷ ᠮᠤᠩᠭᠤᠯ ‍ᠤᠨ ᠪᠠᠭᠰᠢ ᠶ᠋ᠢᠨ ᠶᠡᠬᠡ ᠰᠤᠷᠠᠭᠠᠭᠤᠯᠢ ᠶ᠋ᠢᠨ ᠤᠷᠠᠯᠢᠭ ‍ᠤᠨ ᠳᠡᠭᠡᠳᠦ ᠰᠤᠷᠭᠠᠭᠤᠯᠢ ᠬᠢᠬᠡᠳ ᠦᠪᠦᠷ ᠮᠤᠩᠭᠤᠯ ‍ᠤᠨ ᠵᠦᠴᠦᠭᠡᠯᠡᠬᠦ ᠤᠷᠠᠯᠢᠭ ‍ᠤᠨ ᠲᠡᠭᠡᠳᠦ ᠰᠤᠷᠭᠠᠭᠤᠯᠢ᠂ ᠥᠪᠥᠷ ᠮᠤᠩᠭᠤᠯ ‍ᠤᠨ ᠮᠤᠷᠢᠨ ᠬᠤᠭᠤᠷ ᠤᠷᠠᠯᠢᠭ ‍ᠤᠨ ᠲᠤᠰᠬᠠᠢ ᠮᠡᠷᠭᠡᠵᠢᠯ ‍ᠤᠨ ᠲᠡᠭᠡᠳᠤ ᠰᠤᠷᠭᠠᠭᠤᠯᠢ ᠶ᠋ᠢᠨ ᠤᠨᠴᠠ ᠤᠷᠢᠭᠰᠠᠨ ᠶᠠᠩᠴᠢᠨ ᠬᠦᠭᠵᠢᠮ ‍ᠤᠨ ᠪᠠᠭᠰᠢ ᠪᠡᠷ ᠠᠵᠢᠯᠯᠠᠵᠦ ᠪᠤᠢ ᠃

ᠣᠷᠠᠯᠢᠭᠴᠢᠨ ‍ᠣ ᠴᠤᠮᠤᠭ

ᠣᠷᠠᠯᠢᠭᠴᠢᠨ ‍ᠣ ᠲᠠᠭᠤᠤ