ᠣᠷᠠᠯᠢᠭᠴᠢᠨ ᠣ ᠨᠠᠮᠳᠠᠷ
ᠷ · ᠳᠡᠯᠭᠡᠷᠮ᠎ᠠ᠄ ᠮᠣᠩᠭᠣᠯ ᠤᠯᠤᠰ ᠤᠨ ᠰᠤᠶᠤᠯ ᠤᠨ ᠲᠡᠷᠢᠭᠦᠨ ᠦ ᠠᠵᠢᠯᠲᠠᠨ ᠷᠢᠮᠡᠳ ᠦᠨ ᠳᠡᠯᠭᠡᠷᠮ᠎ᠠ ᠤᠪᠰᠤ ᠠᠶᠢᠮᠠᠭ ᠤᠨ ᠵᠡᠭᠦᠨᠬᠠᠩᠭᠠᠢ ᠰᠤᠮᠤ ᠳᠤ ᠲᠦᠷᠦᠭᠰᠡᠨ᠃ ᠰᠤᠶᠤᠯ ᠤᠷᠠᠯᠢᠭ ᠤᠨ ᠶᠡᠬᠡ ᠰᠤᠷᠭᠠᠭᠤᠯᠢ ᠶ᠋ᠢ ᠳᠠᠭᠤᠷᠢ ᠶ᠋ᠢᠨ ᠳᠠᠭᠤᠯᠠᠭᠠᠴᠢ ᠮᠡᠷᠭᠡᠵᠢᠯ ᠢᠶ᠋ᠡᠷ ᠲᠡᠭᠦᠰᠦᠭᠰᠡᠨ᠃ ᠠᠩᠬ᠎ᠠ ᠳᠠᠭᠤᠴᠢᠨ ᠵᠢᠪᠬᠤᠯᠠᠩ ᠲᠠᠢ ᠬᠠᠮᠲᠤᠷᠠᠨ《ᠶᠠᠮᠠᠷᠬᠠᠨ ᠰᠡᠳᠬᠢᠯ ᠮᠠᠷᠲᠠᠬᠤ ᠶᠤᠮ ᠪᠤᠢ》᠂《ᠬᠠᠶᠢᠷ᠎ᠠ ᠶ᠋ᠢᠨ ᠴᠡᠩᠬᠡᠷ ᠨᠢᠯᠪᠤᠰᠤ》ᠵᠡᠷᠭᠡ ᠳᠠᠭᠤᠤ ᠨᠤᠭᠤᠳ ᠳᠠᠭᠤᠯᠠᠵᠤ ᠣᠯᠠᠨ ᠤ ᠲᠠᠨᠢᠯ ᠪᠣᠯᠤᠭᠰᠠᠨ᠃ ᠣᠳᠣ ᠭᠡᠷ ᠪᠦᠯᠢ ᠶ᠋ᠢᠨ ᠬᠦᠮᠦᠨ ᠬᠡᠰᠢᠭᠪᠠᠶᠠᠷ ᠲᠠᠢ ᠬᠠᠮᠲᠤᠷᠠᠨ ᠳᠠᠭᠤᠯᠠᠳᠠᠭ᠃ ᠲᠡᠳᠡ ᠬᠠᠮᠲᠤ ᠳᠤ ᠪᠠᠨ ᠨᠡᠶᠢᠲᠡ ᠳᠣᠯᠣᠭᠠᠨ ᠴᠣᠮᠣᠭ ᠭᠠᠷᠭᠠᠵᠤ ᠳᠥᠷᠪᠡᠨ ᠲᠣᠭᠯᠠᠯᠲᠠ ᠬᠢᠵᠡᠢ᠃ ᠮᠥᠨ ᠥᠪᠡᠷ ᠦᠨ ᠪᠡᠶ᠎ᠡ ᠳᠠᠭᠠᠭᠰᠠᠨ《ᠠᠮᠢᠨ ᠬᠠᠶᠢᠷ᠎ᠠ》ᠬᠡᠮᠡᠬᠦ ᠴᠣᠮᠣᠭ ᠭᠠᠷᠭᠠᠭᠰᠠᠨ᠃ 2015 ᠣᠨ ᠤ 2 ᠰᠠᠷ᠎ᠠ ᠳᠤ ᠲᠡᠭᠦᠨ ᠦ ᠮᠣᠩᠭᠣᠯ ᠤᠨ ᠰᠤᠶᠤᠯ ᠤᠷᠠᠯᠢᠭ ᠲᠤ ᠣᠷᠣᠭᠤᠯᠤᠭᠰᠠᠨ ᠬᠤᠪᠢ ᠨᠡᠮᠡᠷᠢ ᠶ᠋ᠢ ᠵᠠᠰᠠᠭ ᠤᠨ ᠭᠠᠵᠠᠷ ᠡᠴᠠ ᠥᠨᠳᠥᠷ ᠢᠶ᠋ᠡᠷ ᠦᠨᠡᠯᠡᠵᠦ《ᠠᠯᠲᠠᠨ ᠭᠠᠳᠠᠰᠤ》ᠣᠳᠣᠨ ᠢᠶᠠᠷ ᠱᠠᠩᠨᠠᠭᠰᠠᠨ᠃