ᠡᠬᠢᠯᠡᠯ  —   ᠣᠷᠠᠯᠢᠭᠴᠢᠨ   —   ᠬᠠᠰᠪᠣᠯᠣᠳ

ᠬᠠᠰᠪᠣᠯᠣᠳ ᠬᠠᠳᠠᠭᠠᠯᠠᠬᠤ ᠲᠠᠭᠤᠤ᠄ 70 ᠴᠣᠮᠣᠭ᠄ 0 ᠲᠠᠶᠢᠯᠪᠣᠷᠢ᠄ ᠢᠷᠠᠭᠤ ᠨᠠᠶᠢᠷᠠᠭᠴᠢ ᠣᠩᠰᠢᠭᠰᠠᠨ ᠤᠳᠠᠭ᠎ᠠ᠄ 965

ᠣᠷᠠᠯᠢᠭᠴᠢᠨ ‍ᠣ ᠨᠠᠮᠳᠠᠷ

     ᠬᠠᠰᠪᠣᠯᠣᠳ᠂ ᠤᠷᠠᠯᠢᠭᠴᠢᠨ᠂ ᠢᠷᠠᠭᠤ ᠨᠠᠶᠢᠷᠠᠭᠴᠢ᠂ ᠠᠪᠠᠭ᠎ᠠ ᠬᠣᠰᠢᠭᠤ ᠪᠠᠷ ᠨᠤᠲᠤᠭ ᠲᠠᠢ᠃ 1996 ᠤᠨ ᠳ᠋ᠤ ᠠᠪᠠᠭ᠎ᠠ ᠬᠤᠰᠢᠭᠤᠨ ᠤ ᠤᠯᠠᠭᠠᠨᠮᠥ᠋ᠴᠢᠷ ᠲᠤ ᠮᠡᠷᠬᠡᠵᠢᠯ ᠦᠨ ᠳᠠᠭᠤᠴᠢᠨ ᠪᠤᠯᠵᠦ᠂ ᠳᠠᠭᠠᠤ ᠳ᠋ᠤᠨᠢ ᠳᠤᠬᠯᠠᠯᠠᠳᠠ ᠬᠦᠲᠦᠯᠬᠦ᠂ ᠵᠦᠴᠦᠭᠡᠯᠡᠬᠦ᠂ ᠱᠤᠭ ᠶᠠᠷᠢᠶ᠎ᠠ ᠵᠤᠬᠢᠶᠠᠨ ᠳᠣᠬᠯᠠᠬᠤ ᠵᠡᠷᠬᠡ ᠤᠷ᠎ᠠ ᠳᠡᠮ ᠡᠵᠡᠮᠰᠢᠨ ᠤᠯᠠᠨ ᠲᠦᠮᠡᠨ ᠳ᠋ᠤ ᠪᠡᠨ ᠮᠡᠳᠡᠷᠡᠭᠳᠡᠵᠦ ᠪᠠᠶᠢᠵᠠᠢ᠃ 1987 ᠤᠨ ᠳ᠋ᠤ ᠠᠯᠳᠠᠷᠳᠤ ᠳᠠᠭᠤᠴᠢᠨ ᠲᠠᠸᠠᠰᠠᠮᠪᠤᠤ ᠪᠠᠬᠰᠢ ᠡᠴᠠ ᠤᠷᠳᠦ ᠶ᠋ᠢᠨ ᠳᠠᠭᠤᠤ ᠶᠢᠨ ᠮᠡᠷᠭᠡᠵᠢᠯ ᠰᠤᠷᠴᠤ᠂ ᠦᠪᠦᠷ ᠮᠤᠩᠭᠤᠯ ᠤᠨ ᠰᠢᠭᠤᠳ ᠬᠠᠷᠢᠶ᠎ᠠ ᠤᠯᠠᠭᠠᠨᠮᠥ᠋ᠴᠢᠷ ᠤᠨ ᠳᠠᠮᠤᠷ᠎ᠠ ᠪᠠᠬᠰᠢ ᠡᠴᠠ ᠠᠷᠬᠢᠯ ᠬᠢᠬᠢᠯᠢ ᠰᠤᠷᠤᠯᠴᠠᠪᠠ᠃
     1994 ᠤᠨ ᠳ᠋ᠤ ᠠᠩᠬᠠᠳᠤᠭᠠᠷ ᠣᠳᠠᠭᠠᠨ ᠦ 《 ᠤᠶᠠᠩᠭ᠎ᠠ ᠶ᠋ᠢᠨ ᠮᠦᠰᠢᠶᠡᠯ 》 ᠰᠢᠯᠦᠭ ᠨᠠᠶᠢᠷᠠᠭᠤᠯᠦᠯ ᠤᠨ ᠤᠷᠤᠯᠳᠤᠭᠠᠨ ᠳ᠋ᠤ ᠰᠢᠯᠦᠭ 《 ᠰᠢᠳᠡᠭᠳᠡᠭᠰᠡᠨ ᠴᠢᠯᠠᠭᠤ 》 ᠨᠢ ᠬᠤᠶᠠᠳᠤᠭᠠᠷ ᠳᠡᠰ ᠦᠨ ᠱᠠᠩᠨᠠᠯ ᠭᠠᠷᠳᠠᠵᠦ᠂ ᠤᠷᠠᠨ ᠪᠦᠳᠦᠬᠡᠯ ᠦᠨ ᠠᠩᠬᠠᠨ ᠤ ᠮᠢᠯᠢᠶᠠᠯᠭ᠎ᠠ ᠪᠠᠨ ᠬᠦᠷᠳᠡᠭᠰᠡᠨ ᠪᠠᠶᠢᠨ᠎ᠠ᠃
     1996 ᠤᠨ ᠳ᠋ᠤ ᠨᠠᠢᠮᠠᠨ ᠮᠤᠵᠢ ᠤᠷᠤᠨ ᠤ ᠷᠠᠳᠢᠣ᠋ ᠫᠷᠦᠭᠷᠡᠮ ᠤᠨ ᠰᠤᠯᠢᠯᠴᠠᠭᠠᠨ ᠳ᠋ᠤ ᠰᠢᠯᠦᠭ 《ᠮᠤᠩᠭᠤᠯ ᠬᠡᠷ ᠮᠢᠨᠦ ᠡᠵᠢ 》᠂ ᠳᠠᠭᠤᠤ 《 ᠨᠠᠯᠠᠭᠠᠷ ᠨᠠᠮᠤᠷ 》᠂ ᠱᠤᠭ ᠶᠠᠷᠢᠶ᠎ᠠ 《 ᠰᠤ‍ · ᠨᠢᠮ᠎ᠠ 》 ᠨᠢ ᠰᠢᠯᠢᠳᠡᠭ ᠫᠷᠦᠭᠷᠡᠮ ᠢᠶ᠋ᠡᠷ ᠦᠨᠡᠯᠡᠭᠳᠡᠵᠦ᠂ ᠳᠠᠭᠤᠤ 《 ᠰᠠᠨᠠᠨ᠎ᠠ ᠳ᠋ᠠ 》 ᠨᠢ ᠦᠪᠦᠷ ᠮᠤᠩᠭᠤᠯ ᠤᠨ ᠷᠠᠳᠢᠣ᠋ ᠬᠤᠷᠢᠶᠠᠨ ᠦ ᠠᠷᠪᠠᠨ ᠰᠤᠳᠣᠨ ᠳᠠᠭᠤᠤ ᠪᠠᠷ ᠦᠨᠡᠯᠡᠭᠳᠡᠨ ᠭᠠᠷᠠᠭ ᠤᠨ ᠳᠠᠭᠤᠤ ᠪᠠᠷ ᠨᠡᠪᠳᠡᠷᠡᠬᠦᠯᠦᠭᠳᠡᠵᠡᠢ᠃
     2001 ᠤᠨ ᠳ᠋ᠤ ᠰᠢᠯᠢ ᠶ᠋ᠢᠨ ᠭᠤᠤᠯ ᠠᠶᠢᠮᠠᠭ ᠤᠨ 《 ᠨᠠᠮ ᠪᠠᠶᠢᠭᠤᠯᠤᠭᠳᠠᠭᠰᠠᠨ ᠨᠠᠶᠠᠨ ᠵᠢᠯ ᠦᠨ ᠤᠢ ᠶ᠋ᠢ ᠪᠡᠯᠭᠡᠯᠡᠬᠦ ᠶᠡᠷᠢᠶ᠎ᠠ ᠢᠯᠡᠳᠬᠡᠯ ᠦᠨ ᠤᠷᠤᠯᠳᠤᠭᠠᠨ 》 ᠳ᠋ᠤ 《 ᠭᠠᠮᠰᠢᠭ ᠵᠤᠳ ᠬᠠᠶᠢᠷ᠎ᠠ ᠨᠠᠶᠢᠷ ᠦᠭᠡᠢ᠂ ᠭᠠᠭᠴᠠ ᠨᠠᠮ ᠤᠨ ᠬᠠᠶᠢᠷ᠎ᠠ ᠬᠠᠯᠠᠮᠵᠢ ᠬᠢᠵᠠᠭᠠᠷ ᠦᠭᠡᠢ 》 ᠬᠡᠬᠦ ᠦᠬᠦᠯᠡᠯ ᠨᠢ ᠮᠤᠩᠭᠤᠯ ᠳᠤᠭᠤᠶᠢᠯᠠᠩ ᠳ᠋ᠠᠭᠠᠨ ᠨᠢᠬᠡᠳᠤᠬᠡᠷ ᠳᠡᠰ ᠦᠨ ᠱᠠᠩᠨᠠᠯ ᠬᠦᠷᠳᠡᠵᠠᠢ᠃
     2004 ᠤᠨ ᠳ᠋ᠤ ᠳᠡᠬᠦᠨ ᠦ ᠵᠣᠬᠢᠶᠠᠨ ᠪᠦᠳᠦᠬᠡᠭᠰᠡᠨ ᠱᠤᠭ ᠵᠦᠴᠦᠭᠡ 《 ᠪᠠᠶᠠᠨᠳᠦ᠋ᠭᠦᠷᠡᠩ 》 ᠨᠢ ᠪᠦᠬᠦ ᠠᠶᠢᠮᠠᠭ ᠤᠨ ᠰᠢ ᠵᠦᠴᠦᠭᠡ ᠶ᠋ᠢᠨ ᠤᠷᠤᠯᠳᠤᠭᠠᠨ ᠤ ᠳᠡᠷᠢᠬᠦᠨ ᠱᠠᠩᠨᠠᠯ ᠢ ᠬᠦᠷᠳᠡᠭᠰᠡᠨ ᠢᠶ᠋ᠡᠷ ᠪᠠᠷᠠᠬᠤ ᠦᠭᠡᠢ 《 ᠬᠤᠨ ᠭᠠᠯᠠᠭᠤ 》 ᠰᠡᠳᠬᠦᠯ ᠳ᠋ᠦ ᠨᠡᠶᠢᠲᠡᠯᠡᠭᠳᠡᠨ᠂ ᠪᠦᠬᠦ ᠤᠷᠤᠨ ᠤ ᠶᠢᠰᠦᠳᠤᠭᠡᠷ ᠬᠤᠭᠤᠴᠠᠭᠠᠨ ᠤ 《 ᠲᠠᠪᠤ ᠨᠢᠭᠡ ᠢᠨᠵᠧᠨᠧᠷᠢᠩ 》 ᠤᠨ ᠱᠠᠩᠨᠠᠯ ᠢ ᠲᠣᠰᠣᠭᠰᠠᠨ ᠪᠠᠶᠢᠨ᠎ᠠ᠃ 2006 ᠤᠨ ᠳ᠋ᠤ ᠳᠤᠰ ᠵᠦᠴᠦᠬᠡ ᠪᠡᠷ ᠢᠶ᠋ᠡᠨ ᠬᠦᠬᠡᠬᠤᠳᠠ ᠳ᠋ᠤ ᠪᠤᠯᠦᠬᠰᠠᠨ 《 ᠠᠩᠭᠢᠷ 》 ᠴᠠᠭᠠᠨ ᠰᠠᠷ᠎ᠠ ᠶ᠋ᠢᠨ ᠦᠳᠡᠰᠢᠯᠡᠭᠡ ᠳ᠋ᠦ ᠤᠷᠤᠯᠴᠠᠵᠦ ᠤᠯᠠᠨ ᠤ ᠳᠠᠭᠠᠰᠢᠶᠠᠯ ᠳ᠋ᠤ ᠬᠦᠷᠦᠭᠰᠡᠨ ᠮᠦᠷᠳᠡᠬᠡᠨ ᠵᠦᠴᠦᠭᠡ ᠶ᠋ᠢᠨ ᠵᠤᠬᠢᠶᠠᠯᠴᠢ᠂ ᠰᠢᠬᠦᠮᠵᠢᠯᠡᠭᠴᠢ᠂ ᠰᠣᠳᠣᠯᠣᠭᠠᠴᠢ ᠳ᠋ · ᠪᠢᠯᠢᠭᠳᠦ ᠶ᠋ᠢᠨ 《 ᠪᠠᠶᠠᠨᠳᠦ᠋ᠭᠦᠷᠡᠩ ᠤᠨ ᠲᠠᠶᠢᠰᠠᠨ ᠤ ᠳᠦᠷᠢ ᠶ᠋ᠢ ᠪᠦᠳᠦᠬᠡᠬᠦ ᠪᠡᠷ ᠳᠠᠮᠵᠢᠭᠤᠯᠵᠦ᠂ ᠮᠤᠩᠭᠤᠯ ᠰᠢ ᠵᠦᠴᠦᠭᠡ ᠶ᠋ᠢᠨ ᠵᠤᠬᠢᠶᠠᠨ ᠪᠦᠳᠦᠬᠡᠯᠬᠡ ᠶ᠋ᠢ ᠰᠢᠨ᠎ᠡ ᠨᠢᠬᠡᠨ ᠳᠦᠪᠰᠢᠨ ᠳ᠋ᠦ ᠡᠷᠬᠦᠨ ᠭᠠᠷᠭᠠᠬᠰᠠᠨ ᠤ ᠬᠠᠮᠳᠦ ᠬᠤᠷᠢᠨ ᠨᠢᠬᠡᠳᠦᠬᠡᠷ ᠵᠠᠭᠤᠨ ᠤ ᠮᠤᠩᠭᠤᠯ ᠰᠢ ᠵᠦᠴᠦᠭᠡ ᠶ᠋ᠢᠨ ᠠᠮᠵᠢᠯᠳᠠ ᠲᠠᠢ ᠰᠢᠨ᠎ᠡ ᠡᠬᠢᠯᠡᠯᠳᠠ ᠪᠤᠯᠤᠬᠰᠠᠨ ᠪᠠᠶᠢᠨ᠎ᠠ 》 ᠭᠡᠰᠡᠨ ᠦᠨᠳᠦᠷ ᠦᠨᠡᠯᠡᠯᠳᠠ ᠤᠯᠪᠠ᠃ 2008 ᠤᠨ ᠳ᠋ᠤ ᠦᠪᠦᠷ ᠮᠤᠩᠭᠤᠯ ᠤᠨ ᠲᠧᠯᠸᠢᠰ ᠬᠤᠷᠢᠶᠠᠨ ᠤ ᠤᠳᠤᠷᠢᠳᠤᠭᠠᠴᠢ ᠯ · ᠬᠠᠰᠪᠠᠶᠠᠷ ᠳᠤᠰ ᠵᠦᠴᠦᠭᠡ ᠶ᠋ᠢ 《 ᠪᠤᠬᠳᠠ ᠬᠠᠶᠢᠷᠠᠬᠠᠨ ᠤ ᠪᠠᠷ᠎ᠠ 》 ᠬᠡᠬᠦ ᠨᠡᠷ᠎ᠡ ᠪᠡᠷ ᠺᠢᠨᠦ‍ ᠪᠤᠯᠭᠠᠨ ᠰᠡᠬᠦᠳᠡᠷᠯᠡᠨ ᠦᠢᠯᠡᠳᠦᠬᠡᠳ 2009 ᠤᠨ ᠳ᠋ᠤ ᠰᠢᠶᠠᠩᠭᠠᠩ ᠳ᠋ᠤ ᠪᠤᠯᠤᠭᠰᠠᠨ 《 ᠠᠽᠢᠶ᠎ᠠ ᠶ᠋ᠢᠨ ᠺᠢᠨᠦ‍ ᠶ᠋ᠢᠨ ᠨᠠᠶᠢᠷ 》 ᠲᠤ ᠤᠷᠤᠯᠴᠠᠨ ᠤᠯᠤᠰ ᠤᠨ ᠳᠤᠳᠤᠭᠠᠳᠦ ᠭᠠᠳᠠᠭᠠᠳᠦ ᠶ᠋ᠢᠨ ᠰᠠᠶᠢᠨ ᠦᠨᠡᠯᠡᠯᠲᠡ ᠶ᠋ᠢ ᠣᠯᠣᠭᠰᠠᠨ ᠪᠠᠶᠢᠨ᠎ᠠ᠃
     ᠴ ·ᠮᠢᠩᠭᠠᠨ ᠤ ᠡᠮᠬᠢᠳᠬᠡᠨ ᠨᠠᠶᠢᠷᠠᠭᠤᠯᠵᠦ᠂ ᠠᠯᠳᠠᠨᠳᠤᠶᠠᠭ᠎ᠠ ᠶ᠋ᠢᠨ ᠠᠶ᠎ᠠ ᠵᠤᠬᠢᠴᠠᠭᠤᠯᠦᠬᠰᠠᠨ  《 ᠰᠢᠯᠢᠨ ᠭᠠᠯᠵᠠᠭᠤ ᠪᠠᠭᠠᠳᠤᠷ 》 ᠬᠡᠬᠦ ᠳᠤᠤᠯᠢ ᠶ᠋ᠢ ᠠᠪᠠᠭ᠎ᠠ ᠬᠤᠰᠢᠭᠤᠨ ᠤ ᠤᠯᠠᠭᠠᠨᠮᠥ᠋ᠴᠢᠷ ᠠᠮᠢᠯᠠᠭᠤᠯᠤᠨ ᠳᠤᠬᠯᠠᠵᠦ ᠤᠷᠠᠯᠢᠭ ᠤᠨ ᠦᠨᠳᠦᠷ ᠳᠦᠪᠰᠢᠨ ᠳ᠋ᠦ ᠭᠦᠷᠬᠡᠭᠰᠡᠨ ᠶᠤᠮ᠃ 2007 ᠤᠨ ᠳ᠋ᠤ ᠶᠢᠨᠴᠤᠸᠠᠨ ᠬᠤᠳᠠ ᠳ᠋ᠤ ᠪᠤᠯᠤᠬᠰᠠᠨ 《 ᠪᠦᠬᠦ ᠤᠯᠤᠰ ‍ᠤᠨ ᠭᠤᠷᠪᠠᠳᠤᠭᠠᠷ ᠤᠳᠠᠭᠠᠨ ᠤ ᠳᠠᠭᠤᠤ ᠤᠷᠠᠯᠢᠭ ᠤᠨ ᠤᠷᠤᠯᠳᠤᠭᠠᠨ 》 ᠳ᠋ᠤ ᠬᠠᠰᠪᠤᠯᠤᠳ᠂ ᠴᠢᠷᠮᠡᠶᠢᠯᠳᠦ᠂ ᠰᠡᠷᠬᠦᠯᠡᠩ᠂ ᠪᠤᠯᠤᠳ ᠨᠠᠷ ᠳᠤᠰ ᠳᠤᠤᠯᠢ ᠶᠢ ᠬᠠᠶᠢᠯᠦᠨ ᠨᠢᠬᠡᠳᠦᠬᠡᠷ ᠳᠡᠰ ᠲᠦ ᠳᠤᠳᠤᠷᠠᠵᠦ᠂ 2010 ᠤᠨ ᠳ᠋ᠤ ᠪᠦᠬᠦ ᠤᠯᠤᠰ ᠤᠨ ᠵᠢᠷᠭᠤᠳᠤᠭᠠᠷ ᠬᠤᠭᠤᠴᠠᠭᠠᠨ ᠤ 《 ᠳᠡᠭᠷᠢᠯᠢᠭ ᠬᠤᠨᠳᠠᠭᠠᠲᠤ 》 ᠪᠤᠳᠠᠰ ᠤᠨ ᠪᠤᠰᠤ ᠰᠤᠶᠤᠯ ᠤᠨ ᠦᠪ ᠬᠢᠬᠡᠳ ᠢᠵᠠᠭᠤᠷ ᠤᠷᠠᠯᠢᠭ ᠤᠨ ᠮᠦᠷᠦᠶᠢᠴᠡᠬᠡᠨ ᠳ᠋ᠦ ᠬᠠᠶᠢᠯᠦᠨ ᠳᠤᠬᠯᠠᠵᠦ ᠲᠤᠰᠬᠠᠢ ᠮᠡᠷᠬᠡᠵᠢᠯ ᠦᠨ ᠳᠤᠭᠤᠶᠢᠯᠠᠩ ᠳ᠋ᠠᠭᠠᠨ ᠨᠢᠬᠡᠳᠤᠭᠡᠷ ᠳᠡᠰ ᠲᠦ ᠳᠤᠳᠤᠷᠠᠵᠦ᠂ ᠭᠤᠷᠪᠠᠳᠤᠭᠠᠷ ᠬᠤᠭᠤᠴᠠᠭᠠᠨ ᠤ 《 ᠪᠦᠬᠦ ᠣᠯᠣᠰ ᠤᠨ ᠴᠦᠬᠡᠨ ᠳᠤᠭᠠᠳᠦ ᠦᠨᠳᠦᠰᠦᠳᠡᠨ ᠦ ᠳᠠᠭᠤᠷᠢᠯᠢᠭ ᠤᠨ ᠤᠷᠤᠯᠳᠤᠭᠠᠨ 》 ᠳ᠋ᠤ ᠳᠡᠷᠢᠬᠦᠨ ᠱᠠᠩᠨᠠᠯ ᠢ ᠬᠦᠷᠲᠡᠭᠰᠡᠨ ᠪᠠᠶᠢᠨ᠎ᠠ᠃ ᠡᠨᠡᠬᠦ ᠤᠷᠠᠨ ᠪᠦᠳᠦᠬᠡᠯ ᠨᠢ ᠰᠡᠬᠦᠯᠴᠢ ᠶ᠋ᠢᠨ ᠦᠶ᠎ᠠ ᠦᠪᠡᠷᠳᠡᠬᠡᠨ ᠵᠠᠰᠠᠬᠤ ᠤᠷᠤᠨ ᠤ 《 ᠠᠷᠠᠳ ᠤᠨ ᠱᠠᠩᠨᠠᠯ 》 ᠢ ᠳᠤᠰᠤᠬᠰᠠᠨ ᠮᠦᠷᠳᠡᠬᠡᠨ ᠠᠪᠠᠭ᠎ᠠ ᠬᠤᠰᠢᠭᠤᠨ ᠤ ᠤᠯᠠᠭᠠᠨᠮᠥ᠋ᠴᠢᠷ ᠤᠨ ᠨᠠᠷᠡᠳᠦ ᠳᠡᠮᠳᠡᠭ ᠪᠤᠯᠤᠬᠰᠠᠨ ᠶᠤᠮ᠃
     ᠳᠣᠣᠯᠢ 《 ᠰᠢᠯᠢ ᠶ᠋ᠢᠨ ᠤᠶᠠᠩᠭ᠎ᠠ 》 ᠨᠢ 2007 ᠤᠨ ᠳ᠋ᠤ ᠦᠪᠡᠷᠳᠡᠬᠡᠨ ᠵᠠᠰᠠᠬᠤ ᠤᠷᠤᠨ ᠤ 《 ᠰᠠᠷᠠᠨ᠎ᠠ 》 ᠱᠠᠩᠨᠠᠯ ᠢ ᠬᠦᠷᠳᠡᠵᠦ᠂ ᠡᠾᠸᠪᠸᠢ ᠮᠤᠵᠢ ᠳ᠋ᠤ ᠪᠤᠯᠤᠬᠰᠠᠨ ᠪᠦᠬᠦ ᠤᠯᠤᠰ ᠤᠨ 《 ᠠᠯᠳᠠᠨ ᠮᠠᠨᠳᠠᠷᠸ᠎ᠠ ᠵᠤᠭᠠᠴᠠᠯ ᠤᠨ ᠨᠠᠶᠢᠷ 》 ᠲᠤ 《 ᠠᠯᠳᠠᠨ ᠮᠠᠨᠳᠠᠷᠸ᠎ᠠ 》 ᠱᠠᠩᠨᠠᠯ ᠳᠤᠰᠴᠦ᠂ ᠠᠷᠪᠠᠨ ᠳᠠᠪᠤᠳᠤᠭᠠᠷ ᠬᠤᠭᠤᠴᠠᠭᠠᠨ ᠤ ᠪᠦᠬᠦ ᠠᠶᠢᠮᠠᠭ ᠤᠨ ᠤᠯᠠᠭᠠᠨᠮᠥ᠋ᠴᠢᠷ ᠤᠨ ᠤᠷᠠᠯᠢᠭ ᠤᠨ ᠨᠠᠶᠢᠷ ᠲᠤ ᠵᠤᠬᠢᠶᠠᠨ ᠪᠦᠲᠦᠭᠡᠯᠭᠡ ᠶᠢᠨ ᠬᠤᠶᠠᠳᠤᠭᠠᠷ ᠳᠠᠰ᠂ ᠲᠣᠭᠯᠠᠯᠲᠠ ᠶᠢᠨ ᠭᠤᠷᠪᠠᠳᠤᠭᠠᠷ ᠳᠡᠰ ᠦᠨ ᠱᠠᠩᠨᠠᠯ ᠢᠶ᠋ᠡᠷ ᠱᠠᠩᠨᠠᠬᠳᠠᠵᠦ᠂ ᠱᠤᠭ ᠵᠦᠴᠦᠭᠡ 《 ᠳᠠᠭᠤᠴᠢ ᠠᠶᠢᠯ ᠤᠨ ᠬᠢᠨ 》 ᠨᠢ ᠪᠦᠬᠦ ᠤᠷᠤᠨ ᠤ 《 ᠤᠯᠠᠭᠠᠨᠮᠥ᠋ᠴᠢᠷ ᠪᠠᠶᠢᠭᠤᠯᠤᠭᠳᠠᠭᠰᠠᠨ ᠳᠠᠪᠢᠨ ᠵᠢᠯ ᠦᠨ ᠤᠢ ᠶ᠋ᠢ ᠪᠡᠯᠭᠡᠯᠡᠬᠦ ᠨᠠᠶᠢᠷ 》 ᠲᠤ ᠬᠤᠶᠠᠳᠤᠭᠠᠷ ᠳᠡᠰ ᠦᠨ ᠱᠠᠩᠨᠠᠯ ᠲᠣᠰᠣᠨ᠂ ᠪᠦᠬᠦ ᠤᠷᠤᠨ ᠤ ᠳᠦᠷᠪᠠᠳᠦᠬᠡᠷ ᠬᠤᠭᠤᠴᠠᠭᠠᠨ ᠤ ᠤᠯᠠᠭᠠᠨᠮᠥ᠋ᠴᠢᠷ ᠤᠨ ᠤᠷᠠᠯᠢᠭ ᠤᠨ ᠨᠠᠶᠢᠷ ᠲᠤ ᠵᠤᠬᠢᠶᠠᠨ ᠪᠦᠲᠦᠭᠡᠯᠭᠡ ᠪᠤᠯᠤᠨ ᠲᠣᠭᠯᠠᠯᠲᠠ ᠶᠢᠨ ᠬᠤᠤᠰ ᠲᠡᠷᠢᠭᠦᠨ ᠢ ᠱᠠᠩᠨᠠᠯ ᠬᠦᠷᠳᠡᠵᠦ᠂ ᠳᠠᠭᠤᠤ 《 ᠡᠬᠡ ᠦᠷ᠎ᠠ ᠶ᠋ᠢ ᠪᠤᠷᠬᠠᠨ ᠦᠷᠦᠰᠢᠶᠡ 》 ᠨᠢ ᠵᠤᠬᠢᠶᠠᠨ ᠪᠦᠲᠦᠭᠡᠯᠭᠡ ᠶᠢᠨ ᠬᠤᠶᠠᠳᠤᠭᠠᠷ ᠳᠡᠰ ᠱᠠᠩᠨᠠᠯ ᠢ ᠬᠦᠷᠲᠡᠭᠰᠡᠨ ᠪᠠᠶᠢᠨ᠎ᠠ᠃
     2009 ᠤᠨ ᠳ᠋ᠤ ᠴᠢᠷᠮᠠᠶᠢᠯᠳᠦ ᠲᠠᠢ ᠬᠠᠮᠳᠤᠷᠠᠨ ᠪᠦᠳᠦᠭᠡᠭᠰᠡᠨ ᠳᠠᠭᠤᠤ 《 ᠠᠪᠠᠭ᠎ᠠ ᠨᠤᠳᠤᠭ 》 ᠨᠢ ᠤᠷᠤᠨ ᠤ 《 ᠰᠠᠷᠠᠨ᠎ᠠ 》 ᠱᠠᠩᠨᠠᠯ ᠳᠤᠰᠴᠠᠢ᠃ ᠱᠤᠭ ᠶᠠᠷᠢᠶ᠎ᠠ 《 ᠦᠬᠡᠷᠴᠢᠨ 》 ᠨᠢ ᠪᠦᠬᠦ ᠠᠶᠢᠮᠠᠭ ᠤᠨ ᠠᠷᠪᠠᠨ ᠳᠠᠪᠤᠳᠤᠭᠠᠷ ᠬᠤᠭᠤᠴᠠᠭᠠᠨ ᠤ ᠤᠯᠠᠭᠠᠨᠮᠥ᠋ᠴᠢᠷ ᠤᠨ ᠤᠷᠠᠯᠢᠭ ᠤᠨ ᠨᠠᠶᠢᠷ ᠲᠤ ᠵᠤᠬᠢᠶᠠᠨ ᠪᠦᠳᠦᠬᠡᠭᠰᠡᠨ ᠬᠤᠶᠠᠳᠤᠭᠠᠷ ᠳᠡᠰ ᠦᠨ ᠱᠠᠩᠨᠠᠯ ᠬᠦᠷᠳᠡᠵᠦ᠂ ᠱᠤᠭ ᠵᠦᠴᠦᠭᠡ 《 ᠰᠤᠷᠭᠤᠬᠴᠡᠴᠡᠭ 》 ᠨᠢ ᠪᠦᠬᠦ ᠠᠶᠢᠮᠠᠭ ᠤᠨ ᠠᠷᠪᠠᠨ ᠵᠢᠷᠭᠤᠳᠤᠭᠠᠷ ᠬᠤᠭᠤᠴᠠᠭᠠᠨ ᠤ ᠤᠯᠠᠭᠠᠨᠮᠥ᠋ᠴᠢᠷ ᠤᠨ ᠤᠷᠠᠯᠢᠭ ᠤᠨ ᠨᠠᠶᠢᠷ ᠲᠤ ᠵᠤᠬᠢᠶᠠᠨ ᠪᠦᠲᠦᠭᠡᠯᠭᠡ ᠪᠠ ᠲᠣᠭᠯᠠᠯᠲᠠ ᠶᠢᠨ ᠨᠢᠬᠡᠳᠤᠬᠡᠷ ᠳᠡᠰ ᠲᠦ ᠳᠤᠳᠤᠷᠠᠵᠠᠢ᠃
     2013 ᠤᠨ ᠳ᠋ᠤ ᠪᠦᠬᠦ ᠠᠶᠢᠮᠠᠭ ᠤᠨ ᠠᠷᠪᠠᠨ ᠳᠤᠯᠤᠳᠤᠭᠠᠷ ᠬᠤᠭᠤᠴᠠᠭᠠᠨ ᠤ ᠤᠯᠠᠭᠠᠨᠮᠥ᠋ᠴᠢᠷ ᠤᠨ ᠤᠷᠠᠯᠢᠭ ᠤᠨ ᠨᠠᠶᠢᠷ ᠲᠤ ᠤᠷᠳᠦ ᠶ᠋ᠢᠨ ᠳᠠᠭᠤᠤ 《 ᠠᠯᠳᠠᠭᠤᠯ ᠮᠤᠷᠢ 》 ᠨᠢ ᠨᠢᠬᠡᠳᠦᠭᠡᠷ ᠳᠡᠰ ᠱᠠᠩᠨᠠᠯ ᠬᠦᠷᠳᠡᠪᠡ᠃
     2011ᠤᠨ ᠳ᠋ᠤ ᠰᠢᠯᠢᠩᠬᠤᠲᠠᠨ᠎ᠠ ᠠᠶᠠᠯᠭᠤ ᠵᠤᠬᠢᠶᠠᠬᠴᠢ ᠴᠢᠷᠮᠡᠶᠢᠯᠳᠦ ᠲᠠᠢ ᠬᠠᠮᠳᠤᠷᠠᠨ 《 ᠠᠪᠠᠭ᠎ᠠ ᠨᠤᠳᠤᠭ 》 ᠤᠷᠠᠨ ᠪᠦᠳᠦᠬᠡᠯ ᠦᠨ ᠦᠳᠡᠰᠢᠯᠡᠭᠡ ᠪᠠᠨ ᠡᠷᠬᠢᠯᠡᠨ᠂ 2014 ᠤᠨ ᠳ᠋ᠤ ᠮᠤᠩᠭᠤᠯ ᠤᠯᠤᠰ ᠤᠨ ᠤᠯᠠᠭᠠᠨᠪᠠᠭᠠᠳᠤᠷ ᠲᠤ 《 ᠳᠡᠯᠭᠡᠷ ᠬᠠᠶᠢᠷ᠎ᠠ ᠶ᠋ᠢᠨ ᠽᠠᠮᠪᠤᠯᠢᠩ 》 ᠤᠷᠠᠨ ᠪᠦᠳᠦᠬᠡᠯ ᠦᠨ ᠦᠳᠡᠰᠢᠯᠡᠭᠡ ᠪᠠᠨ ᠠᠮᠵᠢᠯᠳᠠ ᠲᠠᠢ ᠶᠠᠪᠤᠬᠳᠠᠭᠤᠯᠵᠦ᠂ ᠮᠤᠩᠭᠤᠯ ᠤᠯᠤᠰ ᠤᠨ ᠡᠪᠯᠡᠯ ᠦᠨ ᠬᠤᠷᠢᠶᠠᠨ ᠤ ᠤᠳᠤᠨ ᠮᠧᠳᠠᠯ ᠤᠨ ᠱᠠᠩᠨᠠᠯ ᠢ ᠲᠣᠰᠣᠭᠰᠠᠨ ᠪᠠᠶᠢᠨ᠎ᠠ᠃
     ᠬᠠᠰᠪᠤᠯᠤᠳ ᠮᠠᠨᠢ ᠤᠷᠠᠯᠢᠭ ᠤᠷᠠᠨ ᠪᠦᠳᠦᠬᠡᠯ ᠦᠨ ᠬᠠᠷᠭᠤᠢ ᠳ᠋ᠠᠭᠠᠨ ᠠᠮᠵᠢᠯᠳᠠ ᠳᠦᠬᠦᠷᠡᠩ ᠶᠠᠪᠤᠬᠰᠠᠨ ᠢᠶᠠᠷ ᠦᠯᠦ ᠪᠠᠷᠠᠨ ᠬᠤᠰᠢᠭᠤ᠂ ᠠᠶᠢᠮᠠᠭ᠂ ᠤᠷᠤᠨ ᠤ ᠳᠡᠰ ᠦᠨ ᠬᠦᠳᠡᠯᠮᠦᠷᠢ ᠶ᠋ᠢᠨ ᠵᠢᠱᠢᠶᠡᠴᠢ᠂ ᠤᠯᠠᠭᠠᠨᠮᠥ᠋ᠴᠢᠷ ᠤᠨ ᠰᠢᠯᠢᠳᠡᠭ ᠳᠠᠷᠤᠭ᠎ᠠ᠂ ᠰᠤᠶᠤᠯ ᠤᠨ ᠳᠡᠷᠢᠬᠦᠨ ᠦ ᠠᠵᠢᠯᠳᠠᠨ᠂ 《 ᠨᠢᠬᠡ ᠳ᠋ᠦ ᠮᠡᠷᠬᠡᠰᠢᠵᠦ᠂ ᠣᠯᠠᠨ ᠳ᠋ᠤ ᠴᠠᠭᠠᠷᠠᠬᠰᠠᠨ ᠴᠢᠳᠠᠪᠦᠷᠢᠳᠠᠨ 》᠂ 《 ᠤᠷᠤᠨ ᠤ ᠳᠡᠰ ᠦᠨ ᠴᠤᠭᠤᠷ  ᠳᠠᠭᠤᠤ ᠶᠢᠨ ᠦᠪᠯᠡᠭᠴᠢ 》 ᠵᠡᠷᠬᠡ ᠳᠦᠷᠦ ᠶ᠋ᠢᠨ ᠰᠠᠶᠢᠨ ᠦᠨᠡᠯᠡᠯᠳᠠ ᠪᠠᠷ ᠡᠩᠭᠡᠷ ᠢᠶ᠋ᠡᠨ ᠮᠢᠯᠢᠶᠠᠯᠭᠠᠵᠦ ᠶᠠᠪᠤᠭᠰᠠᠨ ᠶᠤᠮ᠃

ᠣᠷᠠᠯᠢᠭᠴᠢᠨ ‍ᠣ ᠴᠤᠮᠤᠭ

ᠤᠷᠠᠯᠢᠭᠴᠢᠨ ᠴᠣᠮᠣᠭ ᠪᠠᠶᠢᠬᠤ ᠦᠭᠡᠢ᠃

ᠣᠷᠠᠯᠢᠭᠴᠢᠨ ‍ᠣ ᠲᠠᠭᠤᠤ