ᠡᠬᠢᠯᠡᠯ  —   ᠣᠷᠠᠯᠢᠭᠴᠢᠨ   —   ᠤᠷᠬᠤᠨ ᠫᠸᠷᠳᠠᠺᠡᠱᠸᠨ

ᠤᠷᠬᠤᠨ ᠫᠸᠷᠳᠠᠺᠡᠱᠸᠨ ᠬᠠᠳᠠᠭᠠᠯᠠᠬᠤ ᠲᠠᠭᠤᠤ᠄ 24 ᠴᠣᠮᠣᠭ᠄ 1 ᠲᠠᠶᠢᠯᠪᠣᠷᠢ᠄ ᠤᠷᠠᠯᠢᠭ ᠤᠨ ᠪᠦᠯᠬᠦᠮ ᠣᠩᠰᠢᠭᠰᠠᠨ ᠤᠳᠠᠭ᠎ᠠ᠄ 678

ᠣᠷᠠᠯᠢᠭᠴᠢᠨ ‍ᠣ ᠨᠠᠮᠳᠠᠷ

        ᠤᠷᠬᠤᠨ ᠫᠸᠷᠳᠠᠺᠡᠱᠸᠨ ᠮᠤᠩᠭᠤᠯ ᠤᠯᠤᠰ ᠤᠨ ᠳᠠᠷᠬᠠᠨ ᠠᠭᠤᠯᠠ ᠠᠶᠢᠮᠠᠭ ᠤᠨ ᠷᠠᠳᠢᠤ᠋ ᠂ ᠲᠸᠯᠸᠢᠰ ᠦᠨ《 ᠤᠷᠬᠤᠨ》ᠫᠸᠷᠳᠠᠺᠡᠱᠸᠨ ᠤ ᠵᠠᠯᠠᠭᠤᠰ ᠶᠡᠬᠡ ᠵᠤᠬᠢᠶᠠᠯᠴᠢ ᠴ · ᠳᠠᠮᠳᠢᠨᠰᠦ᠋ᠷᠦᠭ ᠤᠨ ᠤᠷᠴᠢᠨ ᠦᠶ᠎ᠡ ᠶ᠋ᠢᠨ ᠬᠡᠯᠡᠨ ᠳ᠋ᠥ ᠬᠦᠷᠪᠡᠭᠦᠯᠦᠭᠰᠡᠨ《ᠮᠤᠩᠭᠤᠯ ᠤᠨ ᠨᠢᠭᠤᠴᠠ ᠲᠤᠪᠴᠢᠶ᠎ᠠ 》ᠶ᠋ᠢ ᠡᠬᠡ ᠪᠤᠯᠭᠠᠨ ᠷᠠᠳᠢᠤ᠋ ᠵᠦᠴᠦᠭᠡ ᠪᠦᠲᠦᠭᠡᠵᠡᠢ ᠃ ᠷᠠᠳᠢᠤ᠋ ᠵᠦᠴᠦᠭᠡ ᠶ᠋ᠢᠨ ᠪᠠᠭ ᠲᠦ ᠳᠠᠷᠬᠠᠨ ᠬᠤᠲᠠ ᠶ᠋ᠢᠨ《 ᠵᠠᠯᠠᠭᠤᠴᠤᠳ 》ᠲᠢᠶᠠᠲ᠋ᠷ ᠤᠨ ᠵᠦᠴᠦᠭᠡᠴᠢᠳ ᠂ ᠮᠡᠷᠭᠡᠵᠢᠯ ᠦᠨ ᠨᠠᠶᠢᠷᠠᠭᠤᠯᠤᠭᠴᠢᠳ ᠂ ᠳᠠᠭᠤᠤ ᠂ ᠱᠤᠮ ᠂ ᠬᠦᠭᠵᠢᠮ ᠦᠨ ᠨᠠᠶᠢᠷᠠᠭᠤᠯᠤᠭᠴᠢ ᠂ ᠲᠤᠤᠯᠢᠴᠢ ᠵᠡᠷᠭᠡ 20 ᠭᠠᠷᠤᠢ ᠬᠦᠮᠦᠨ ᠠᠵᠢᠯᠯᠠᠵᠠᠢ ᠃ 2008 ᠤᠨ ᠡᠴᠠ ᠡᠬᠢᠯᠡᠨ 2 ᠵᠢᠯ ᠭᠠᠷᠤᠢ ᠪᠦᠲᠦᠭᠡᠵᠡᠢ ᠃ ᠵᠦᠴᠦᠭᠡ ᠶ᠋ᠢᠨ ᠴᠤᠮᠤᠭ ᠤᠨ ᠡᠮᠦᠨᠡᠬᠢ ᠦᠭᠡ ᠢ ᠰᠢᠨᠵᠢᠯᠡᠬᠦ ᠤᠬᠠᠭᠠᠨ ᠤ ᠠᠺᠠᠳᠧᠮᠢ ᠶ᠋ᠢᠨ ᠬᠡᠯᠡ ᠵᠣᠬᠢᠶᠠᠯ ᠤᠨ ᠬᠦᠷᠢᠶᠡᠯᠡᠩ ᠦᠨ ᠵᠠᠬᠢᠷᠤᠯ ᠠᠺᠠᠳᠧᠮᠢᠴᠢ ᠳ᠋ · ᠲᠡᠮᠦᠷᠲᠤᠭᠤᠭ᠎ᠠ ᠪᠢᠴᠢᠭᠰᠡᠨ ᠪᠠᠶᠢᠨ᠎ᠠ ᠃ ᠲᠤᠰ ᠵᠦᠴᠦᠭᠡ ᠨᠢ ᠡᠬᠡ ᠵᠤᠬᠢᠶᠠᠯ ᠲᠠᠢ ᠪᠡᠨ ᠠᠳᠠᠯᠢ 12 ᠪᠦᠯᠦᠭ ᠲᠠᠢ ᠂ ᠪᠦᠯᠦᠭ ᠪᠦᠷᠢ ᠨᠢ ᠦᠢᠯᠡ ᠶᠠᠪᠤᠳᠠᠯ ᠡᠴᠠ ᠪᠡᠨ ᠰᠢᠯᠲᠠᠭᠠᠯᠠᠨ 15 ᠠᠴᠠ 25 ᠮᠢᠨᠦ᠋ᠲ ᠪᠠᠶᠢᠵᠦ ᠪᠦᠲᠦᠨ ᠢᠶ᠋ᠡᠷ ᠢᠶ᠋ᠡᠨ 200 ᠮᠢᠨᠦ᠋ᠲ ᠦᠷᠭᠦᠯᠵᠢᠯᠡᠬᠦ ᠶᠤᠮ ᠃ ᠲᠤᠰ ᠪᠦᠲᠦᠭᠡᠯ ᠢ ᠮᠤᠩᠭᠤᠯ ᠤᠯᠤᠰ ᠤᠨ ᠶᠡᠷᠦᠩᠬᠡᠢ ᠪᠤᠯᠪᠠᠰᠤᠷᠠᠯ ᠤᠨ ᠰᠤᠷᠭᠠᠭᠤᠯᠢ ‍ᠤᠳ ᠤᠨ ᠬᠢᠴᠢᠶᠡᠯ ᠦᠨ  ᠫᠷᠦᠭᠷᠡᠮ ᠳ᠋ᠥ ᠤᠷᠤᠭᠤᠯᠬᠤ ᠡᠴᠠ ᠭᠠᠳᠠᠨ᠎ᠠ ᠠᠮᠸᠷᠢᠺᠠ ᠶ᠋ᠢᠨ ᠵᠠᠬ᠎ᠠ ᠵᠡᠭᠡᠯᠢ ᠳ᠋ᠥ ᠭᠠᠷᠭᠠᠬᠤ ᠪᠡᠷ ᠠᠵᠢᠯᠯᠠᠵᠦ ᠪᠠᠶᠢᠨ᠎ᠠ ᠃

ᠣᠷᠠᠯᠢᠭᠴᠢᠨ ‍ᠣ ᠴᠤᠮᠤᠭ

ᠣᠷᠠᠯᠢᠭᠴᠢᠨ ‍ᠣ ᠲᠠᠭᠤᠤ