ᠡᠬᠢᠯᠡᠯ  —   ᠣᠷᠠᠯᠢᠭᠴᠢᠨ   —   ᠭᠠᠨᠵᠣᠣᠷ᠎ᠠ

ᠭᠠᠨᠵᠣᠣᠷ᠎ᠠ ᠬᠠᠳᠠᠭᠠᠯᠠᠬᠤ ᠲᠠᠭᠤᠤ᠄ 1000 ᠴᠣᠮᠣᠭ᠄ 6 ᠲᠠᠶᠢᠯᠪᠣᠷᠢ᠄ ᠡᠷᠡᠭᠲᠡᠢ ᠳᠠᠭᠤᠴᠢᠨ ᠣᠩᠰᠢᠭᠰᠠᠨ ᠤᠳᠠᠭ᠎ᠠ᠄ 1334

ᠣᠷᠠᠯᠢᠭᠴᠢᠨ ‍ᠣ ᠨᠠᠮᠳᠠᠷ

      ᠭᠠᠨᠵᠣᠣᠷ᠎ᠠ᠂ ᠪᠢᠷ ᠦᠨ ᠨᠡᠷ᠎ᠡ ᠴ · ᠨᠣᠮ᠂ 1950 ᠣᠨ ᠳ᠋ᠥ ᠬᠢᠩᠭᠠᠨ ᠠᠶᠢᠮᠠᠭ ᠤᠨ ᠬᠣᠷᠴᠢᠨ ᠪᠠᠷᠠᠭᠤᠨ ᠭᠠᠷᠤᠨ ᠳᠤᠮᠳᠠᠲᠦ ᠬᠣᠰᠢᠭᠣᠨ ᠤ ᠪᠠᠶᠠᠨᠮᠠᠩᠬ᠎ᠠ ᠰᠣᠮᠣᠨ ᠤ ᠰᠠᠨ ᠬᠥ᠋ ᠶᠣᠤ ᠠᠶᠢᠯ ᠳ᠋ᠥ ᠵᠠᠶᠠᠭᠠᠵᠠᠢ᠃ 1969 ᠣᠨ ᠳ᠋ᠥ ᠬᠤᠭᠤᠷ ᠲᠠᠲᠠᠨ ᠰᠤᠷᠴᠦ᠂ 1972 ᠣᠨ ᠡᠴᠠ ᠡᠬᠢᠯᠡᠵᠤ ᠨᠤᠲᠤᠭ ᠤᠨ ᠢᠶᠡᠨ ᠬᠤᠭᠤᠷᠴᠢ ᠮᠸᠩ ᠲᠢᠶᠠᠨ ᠪᠣᠤ ᠶ᠋ᠢ ᠳᠠᠭᠠᠵᠤ ᠬᠣᠪᠢᠰᠬᠠᠯ ᠤᠨ ᠦᠯᠢᠭᠡᠷ ᠬᠡᠯᠡᠵᠤ ᠰᠤᠷᠴᠠᠢ᠃ 1978 ᠣᠨ ᠳ᠋ᠥ ᠠᠯᠳᠠᠷᠳᠦ ᠬᠣᠭᠣᠷᠴᠢ ᠪᠦᠷᠢᠨᠪᠠᠶᠠᠷ ᠢ ᠪᠠᠭᠰᠢ ᠰᠢᠲᠦᠵᠤ᠂ ᠦᠯᠢᠭᠡᠷ ᠬᠡᠯᠡᠬᠦ ᠵᠢᠩᠬᠢᠨᠢ ᠮᠡᠷᠭᠡᠵᠢᠯ ᠢ ᠡᠵᠡᠮᠰᠢᠨ 1985 ᠣᠨ ᠳ᠋ᠥ ᠲᠡᠷᠡ 《 ᠶᠦᠧᠧ ᠲᠠᠩ ᠤᠨ ᠦᠯᠢᠭᠡᠷ 》 ᠢᠶ᠋ᠡᠨ ᠵᠢᠷᠢᠮ ‍ᠦᠨ ᠷᠠᠳᠢᠣ᠋ ᠬᠣᠷᠢᠶᠠᠨ ᠳ᠋ᠥ ᠰᠢᠩᠭᠡᠭᠡᠵᠤ ᠨᠡᠪᠲᠡᠷᠡᠭᠦᠯᠦᠭᠰᠡᠨ ᠡᠴᠡ ᠨᠠᠰᠢ 《 ᠰᠢᠣᠸᠠᠢ ᠷᠸᠡ ᠬᠦᠢ ᠵᠡᠭᠦᠨ᠎ᠡ ᠶ᠋ᠢ ᠲᠦᠪᠰᠢᠳᠬᠡᠭᠰᠡᠨ ᠨᠢ 》 ᠵᠡᠷᠭᠡ ᠮᠢᠩᠭ᠎ᠠ ᠭᠠᠷᠦᠢ ᠴᠠᠭ ᠤᠨ ᠬᠣᠷᠢ ᠭᠠᠷᠦᠢ ᠡᠬᠢᠲᠠᠢ ᠬᠤᠭᠤᠷ ᠤᠨ ᠦᠯᠢᠭᠡᠷ ᠢᠶ᠋ᠡᠨ ᠣᠷᠣᠨ ᠤ ᠳᠣᠲᠣᠨ᠎ᠠ ᠭᠠᠳᠠᠨᠠᠬᠢ ᠷᠠᠳᠢᠣ᠋ ᠲᠧᠯᠸᠢᠰ ᠬᠣᠷᠢᠶᠠᠨ ᠳ᠋ᠥ ᠰᠢᠩᠭᠡᠭᠡᠵᠤ ᠨᠡᠪᠲᠡᠷᠡᠭᠦᠯᠵᠡᠢ᠃ 1979 ᠣᠨ ᠡᠴᠠ ᠵᠣᠬᠢᠶᠠᠨ ᠪᠢᠴᠢᠯᠭᠡ ᠣᠷᠣᠯᠳᠣᠵᠣ ᠮᠠᠰᠢ ᠣᠯᠠᠨ ᠬᠣᠯᠪᠤᠭ᠎ᠠ᠂ ᠥᠭᠦᠯᠡᠯᠭᠡ᠂ ᠨᠠᠶᠢᠷᠠᠭᠣᠯᠣᠯ᠂ ᠦᠭᠦᠯᠡᠯ᠂ ᠬᠤᠭᠤᠷ ᠤᠨ ᠦᠯᠢᠭᠡᠷ ᠢᠶ᠋ᠡᠨ ᠤᠯᠤᠰ ᠣᠷᠣᠨ ᠤ ᠳᠡᠰ ᠦᠨ ᠰᠣᠨᠢᠨ ᠰᠡᠳᠬᠦᠯ᠂ ᠬᠡᠪᠯᠡᠯ ᠦᠨ ᠬᠣᠷᠢᠶᠠᠨ ᠳ᠋ᠥ ᠨᠡᠶᠢᠲᠡᠯᠡᠭᠦᠯᠦᠭᠰᠡᠨ ᠡᠴᠡ 1997 ᠣᠨ ᠳ᠋ᠥ ᠲᠡᠭᠦᠨ ᠤ ᠨᠡᠷ᠎ᠡ 《 ᠳᠣᠮᠳᠠᠲᠦ ᠤᠯᠤᠰ ᠤᠨ ᠣᠳᠣ ᠦᠶ᠎ᠡ ᠶ᠋ᠢᠨ ᠤᠷᠠᠯᠢᠭᠴᠢᠳ ᠤᠨ ᠠᠯᠳᠠᠷ ᠴᠤᠤᠲᠤ ᠬᠦᠮᠦᠰ ᠦᠨ ᠨᠠᠮᠲᠠᠷ 》 ᠲᠦ ᠬᠡᠪᠯᠡᠭᠳᠡᠭᠰᠡᠨ ᠪᠠᠶᠢᠨ᠎ᠠ᠃

ᠣᠷᠠᠯᠢᠭᠴᠢᠨ ‍ᠣ ᠴᠤᠮᠤᠭ

ᠴᠦ᠋ ᠭᠦᠸᠧ ᠦᠨ ᠲᠡᠮᠡᠴᠡᠭᠡᠨ ᠲᠠᠭᠤᠴᠢᠨ ᠄ ᠭᠠᠨᠵᠣᠣᠷ᠎ᠠ ᠣᠩᠰᠢᠭᠰᠠᠨ ᠤᠳᠠᠭ᠎ᠠ ᠄ 547
ᠯᠢᠶᠠᠩ ᠲᠠᠩ ᠵᠢᠨ ᠲᠠᠭᠤᠴᠢᠨ ᠄ ᠭᠠᠨᠵᠣᠣᠷ᠎ᠠ ᠣᠩᠰᠢᠭᠰᠠᠨ ᠤᠳᠠᠭ᠎ᠠ ᠄ 421
ᠬᠥᠬᠡ ᠰᠤᠳᠤᠷ ᠲᠠᠭᠤᠴᠢᠨ ᠄ ᠭᠠᠨᠵᠣᠣᠷ᠎ᠠ ᠣᠩᠰᠢᠭᠰᠠᠨ ᠤᠳᠠᠭ᠎ᠠ ᠄ 421
ᠶᠣᠸᠠᠢ ᠲᠠᠩ ᠤᠨ ᠦᠯᠢᠭᠡᠷ ᠲᠠᠭᠤᠴᠢᠨ ᠄ ᠭᠠᠨᠵᠣᠣᠷ᠎ᠠ ᠣᠩᠰᠢᠭᠰᠠᠨ ᠤᠳᠠᠭ᠎ᠠ ᠄ 477

ᠣᠷᠠᠯᠢᠭᠴᠢᠨ ‍ᠣ ᠲᠠᠭᠤᠤ