ᠡᠬᠢᠯᠡᠯ  —   ᠣᠷᠠᠯᠢᠭᠴᠢᠨ   —   ᠬᠤᠷᠴᠠᠪᠢᠯᠢᠭ᠌

ᠬᠤᠷᠴᠠᠪᠢᠯᠢᠭ᠌ ᠬᠠᠳᠠᠭᠠᠯᠠᠬᠤ ᠲᠠᠭᠤᠤ᠄ 6 ᠴᠣᠮᠣᠭ᠄ 0 ᠲᠠᠶᠢᠯᠪᠣᠷᠢ᠄ ᠡᠷᠡᠭᠲᠡᠢ ᠳᠠᠭᠤᠴᠢᠨ ᠣᠩᠰᠢᠭᠰᠠᠨ ᠤᠳᠠᠭ᠎ᠠ᠄ 969

ᠣᠷᠠᠯᠢᠭᠴᠢᠨ ‍ᠣ ᠨᠠᠮᠳᠠᠷ

     ᠵᠠᠯᠠᠭᠤ ᠤᠷᠠᠨ ᠪᠦᠳᠦᠭᠡᠯᠴᠢ᠂ ᠳᠠᠭᠤᠴᠢᠨ ᠠᠶᠤᠰᠢ ᠶ᠋ᠢᠨ ᠬᠤᠷᠴᠠᠪᠢᠯᠢᠭ᠌᠂ ᠰᠢᠯᠢ ᠶ᠋ᠢᠨ ᠭᠤᠤᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠡᠬᠡᠪᠤᠯᠠᠭ ᠰᠤᠮᠤᠨ ᠤ ᠬᠤᠩᠭᠤᠷ ᠭᠠᠴᠠᠭᠠᠨ ᠤ ᠤᠤᠭᠠᠯ᠃ 2007 ᠤᠨ ᠳ᠋ᠥ ᠰᠢᠯᠢ ᠶ᠋ᠢᠨ ᠭᠤᠤᠯ ᠠᠶᠢᠮᠠᠭ ᠤᠨ ᠠᠵᠢᠯ ᠮᠡᠷᠭᠡᠵᠢᠯ ᠦᠨ ᠲᠡᠭᠡᠳᠦ ᠰᠤᠷᠭᠠᠭᠤᠯᠢ ᠶᠢ ᠬᠦᠳᠦᠯᠦᠭᠴᠢ᠂ ᠨᠡᠪᠳᠡᠷᠡᠭᠦᠯᠦᠭᠴᠢ ᠶ᠋ᠢᠨ ᠲᠤᠰᠬᠠᠢ ᠮᠡᠷᠭᠡᠵᠢᠯ ᠢᠶ᠋ᠡᠷ ᠲᠡᠭᠦᠰᠬᠡᠵᠦ᠂ 2009 ᠤᠨ ᠳ᠋ᠥ ᠦᠪᠦᠷ ᠮᠤᠩᠭᠤᠯ ᠤᠨ 《 ᠪᠠᠭᠠᠳᠤᠷ 》 ᠢᠵᠠᠭᠤᠷ ᠤᠷᠠᠯᠢᠭ ᠤᠨ ᠲᠡᠪᠳᠠᠨ ᠪᠤᠯᠪᠠᠰᠤᠷᠠᠭᠤᠯᠬᠤ ᠰᠤᠷᠭᠠᠭᠤᠯᠢ ᠳ᠋ᠥ ᠲᠠᠭᠤᠯᠠᠭᠠᠴᠢ ᠶ᠋ᠢᠨ ᠮᠡᠷᠭᠡᠵᠢᠯ ᠢᠶ᠋ᠡᠷ ᠰᠤᠷᠤᠯᠴᠠᠨ᠂ ᠲᠠᠭᠤᠴᠢᠨ ᠪᠤᠯᠬᠤ ᠬᠦᠰᠡᠯ ᠮᠦᠷᠦᠭᠡᠳᠦᠯ ᠦᠨ ᠢᠶ᠋ᠡᠨ ᠠᠶᠠᠨ ᠤ ᠳᠥᠷᠥᠭᠡ ᠶᠢ ᠡᠯᠭᠦᠨ ᠠᠪᠤᠭᠰᠠᠨ ᠪᠠᠶᠢᠨ᠎ᠠ᠃
     2014 ᠤᠨ ᠦ ᠦᠪᠦᠷ ᠮᠤᠩᠭᠤᠯ ᠤᠨ ᠮᠤᠩᠭᠤᠯ ᠤᠳᠤᠨ ᠲᠧᠯᠧᠢᠰ ᠦᠨ 《 ᠠᠪᠢᠶᠠᠰᠤᠯᠢᠭ ᠮᠤᠩᠭᠤᠯ 》 ᠴᠠᠭᠠᠨ ᠰᠠᠷ᠎ᠠ ᠶ᠋ᠢᠨ ᠦᠳᠡᠰᠢᠯᠡᠭᠡ᠂ 《 ᠬᠠᠮᠳᠤ ᠳ᠋ᠠᠭᠠᠨ ᠲᠠᠭᠤᠯᠠᠶ᠎ᠠ 》 ᠲᠡᠯᠭᠡᠴᠡ ᠳ᠋ᠥ ᠤᠷᠤᠯᠴᠠᠨ ᠠᠶᠠᠯᠭᠤ ᠳᠠᠭᠤᠤ ᠶᠢᠨ ᠢᠶᠡᠨ ᠲᠤᠷᠭᠠᠨ ᠡᠭᠡᠰᠢᠭ ᠢᠶ᠋ᠡᠷ ᠠᠷᠠᠳ ᠲᠦᠮᠡᠨ ᠲᠠᠢ ᠪᠠᠨ ᠵᠤᠯᠭᠠᠵᠤ ᠪᠢᠯᠡ᠃
     2015 ᠤᠨ ᠦ ᠮᠤᠩᠭᠤᠯ ᠤᠯᠤᠰ ᠤᠨ ᠡᠷᠳᠡᠨᠢᠳᠦ ᠬᠤᠳᠠ ᠶ᠋ᠢᠨ ᠪᠤᠯᠠᠭᠠᠨ ᠠᠶᠢᠮᠠᠭ ᠲᠤ ᠪᠤᠯᠤᠭᠰᠠᠨ ᠮᠤᠩᠭᠤᠯ ᠤᠯᠤᠰ ᠤᠨ ᠬᠦᠭᠵᠢᠮ ᠦᠨ ᠵᠤᠬᠢᠶᠠᠯᠴᠢ᠂ ᠴᠢᠩᠵᠤᠷᠢᠭ ᠤᠨ ᠤᠷᠠᠨ ᠪᠦᠳᠦᠭᠡᠯ ᠦᠨ ᠳᠠᠭᠤᠤ ᠶᠢᠨ ᠲᠡᠮᠡᠴᠡᠭᠡᠨ ᠳ᠋ᠥ ᠤᠷᠤᠯᠴᠠᠭᠰᠠᠨ ᠪᠢᠯᠡ᠃


ᠣᠷᠠᠯᠢᠭᠴᠢᠨ ‍ᠣ ᠴᠤᠮᠤᠭ

ᠤᠷᠠᠯᠢᠭᠴᠢᠨ ᠴᠣᠮᠣᠭ ᠪᠠᠶᠢᠬᠤ ᠦᠭᠡᠢ᠃