ᠡᠬᠢᠯᠡᠯ  —   ᠣᠷᠠᠯᠢᠭᠴᠢᠨ   —   ᠳᠤᠮᠳᠠᠳᠤ ᠤᠯᠤᠰ ᠤᠨ ᠦᠦᠰᠢᠨ ᠮᠤᠷᠢᠨ ᠬᠤᠭᠤᠷ ᠤᠨ ᠰᠢᠮᠫᠤᠨᠢ ᠨᠠᠶᠢᠷᠠᠯ ᠬᠦᠭᠵᠢᠮ ᠦᠨ ᠪᠦᠯᠬᠦᠮ

ᠳᠤᠮᠳᠠᠳᠤ ᠤᠯᠤᠰ ᠤᠨ ᠦᠦᠰᠢᠨ ᠮᠤᠷᠢᠨ ᠬᠤᠭᠤᠷ ᠤᠨ ᠰᠢᠮᠫᠤᠨᠢ ᠨᠠᠶᠢᠷᠠᠯ ᠬᠦᠭᠵᠢᠮ ᠦᠨ ᠪᠦᠯᠬᠦᠮ ᠬᠠᠳᠠᠭᠠᠯᠠᠬᠤ ᠲᠠᠭᠤᠤ᠄ 30 ᠴᠣᠮᠣᠭ᠄ 1 ᠲᠠᠶᠢᠯᠪᠣᠷᠢ᠄ ᠤᠷᠠᠯᠢᠭ ᠤᠨ ᠪᠦᠯᠬᠦᠮ ᠣᠩᠰᠢᠭᠰᠠᠨ ᠤᠳᠠᠭ᠎ᠠ᠄ 1381

ᠣᠷᠠᠯᠢᠭᠴᠢᠨ ‍ᠣ ᠨᠠᠮᠳᠠᠷ

     ᠳᠤᠮᠳᠠᠳᠤ ᠤᠯᠤᠰ ᠤᠨ ᠦᠦᠰᠢᠨ ᠮᠤᠷᠢᠨ ᠬᠤᠭᠤᠷ ᠤᠨ ᠰᠢᠮᠫᠣᠨᠢ ᠨᠠᠶᠢᠷᠠᠯ ᠬᠦᠭᠵᠢᠮ ᠦᠨ ᠪᠦᠯᠬᠦᠮ ᠨᠢ 2010 ᠣᠨ ᠳᠤ 《 ᠦᠦᠰᠢᠨ ᠮᠣᠷᠢᠨ ᠬᠤᠭᠤᠷ ‍ᠤᠨ ᠪᠦᠯᠬᠦᠮ 》 ᠨᠡᠷ᠎ᠡ ᠪᠠᠷ ᠪᠠᠶᠢᠭᠤᠯᠤᠭᠳᠠᠵᠤ᠂ 2013 ᠣᠨ ᠳᠤ 《 ᠳᠤᠮᠳᠠᠳᠤ ᠤᠯᠤᠰ ᠤᠨ ᠦᠦᠰᠢᠨ ᠮᠤᠷᠢᠨ ᠬᠤᠭᠤᠷ ‍ᠤᠨ ᠰᠢᠮᠫᠣᠨᠢ ᠨᠠᠶᠢᠷᠠᠯ ᠬᠦᠭᠵᠢᠮ ᠦᠨ ᠪᠦᠯᠬᠦᠮ 》 ᠭᠡᠬᠦ ᠨᠡᠷ᠎ᠡ ᠲᠠᠢ ᠪᠣᠯᠪᠠ᠃ ᠲᠤᠰ ᠪᠦᠯᠬᠦᠮ ᠨᠢ ᠳᠤᠮᠳᠠᠳᠤ ᠤᠯᠤᠰ ‍ᠤᠨ ᠴᠣᠷ ‍ᠤᠨ ᠭᠠᠭᠴᠠ ᠮᠣᠩᠭᠣᠯ ᠦᠨᠳᠦᠰᠦᠲᠡᠨ ‍ᠤ ᠤᠯᠠᠮᠵᠢᠯᠠᠯᠲᠤ ᠮᠣᠷᠢᠨ ᠬᠤᠭᠤᠷ ᠬᠥᠭᠵᠢᠮ ᠢᠶᠠᠷ ᠭᠣᠣᠯ ᠲᠣᠭᠯᠠᠬᠤ ᠠᠷᠭ᠎ᠠ ᠪᠠᠨ ᠪᠣᠯᠭᠠᠵᠤ᠂ ᠪᠤᠰᠤᠳ ᠬᠥᠭᠵᠢᠮ ‍ᠤᠨ ᠲᠥᠷᠥᠯ ‍ᠢ ᠬᠠᠪᠰᠤᠷᠭᠠᠭᠰᠠᠨ᠂ ᠦᠨᠳᠦᠰᠦᠲᠡᠨ ‍ᠤ ᠣᠨᠴᠠᠯᠢᠭ ‍ᠢ ᠳᠣᠪᠣᠶᠢᠯᠭᠠᠭᠰᠠᠨ᠂ ᠣᠷᠣᠨ ᠨᠤᠲᠤᠭ ‍ᠤᠨ ᠬᠡᠪ ᠨᠠᠮᠪᠠ ᠶ᠋ᠢ ᠳᠤᠷᠠᠶᠢᠯᠭᠠᠭᠰᠠᠨ᠂ ᠲᠤᠰᠬᠠᠢ ᠮᠡᠷᠭᠡᠵᠢᠯ ‍ᠤᠨ ᠬᠥᠮᠥᠰ ᠢᠶᠠᠷ ᠪᠦᠷᠢᠯᠳᠦᠭᠰᠡᠨ ᠮᠤᠷᠢᠨ ᠬᠤᠭᠤᠷ ᠤᠨ ᠰᠢᠮᠫᠣᠨᠢ ᠨᠠᠶᠢᠷᠠᠯ ᠬᠦᠭᠵᠢᠮ ‍ᠦᠨ ᠪᠦᠯᠬᠦᠮ ᠪᠣᠯᠬᠣ ᠶᠤᠮ᠃
     ᠪᠦᠯᠬᠦᠮ ᠪᠠᠶᠢᠭᠤᠯᠤᠭᠳᠠᠭᠰᠠᠨ ᠴᠠᠭ ᠡᠴᠠ ᠪᠠᠨ ᠣᠯᠣᠰ ‍ᠤᠨ ᠳᠣᠲᠣᠭᠠᠲᠤ ᠭᠠᠳᠠᠭᠠᠳᠤ ᠶ᠋ᠢᠨ ᠣᠯᠠᠨ ᠨᠡᠷᠡᠲᠦ ᠬᠥᠭᠵᠢᠮᠴᠢᠨ᠂ ᠬᠥᠭᠵᠢᠮ ‍ᠤᠨ ᠵᠢᠯᠤᠭᠤᠳᠤᠭᠴᠢ ᠶ᠋ᠢ ᠤᠷᠢᠨ ᠠᠪᠴᠢᠷᠠᠵᠤ ᠵᠢᠯᠤᠭᠤᠳᠤᠭᠤᠯᠤᠨ᠂ ᠡᠭᠦᠨ ‍ᠤ ᠳᠣᠲᠣᠷ᠎ᠠ ᠡᠴᠠ ᠮᠣᠷᠢᠨ ᠬᠣᠭᠣᠷ ‍ᠤᠨ ᠶᠡᠬᠡ ᠪᠠᠭᠰᠢ ᠴᠢ‍ · ᠪᠤᠯᠠᠭ᠂ ᠳᠠᠷᠮ᠎ᠠ ᠨᠠᠷ ‍ᠢ ᠣᠯᠠᠨᠲᠠ ᠤᠷᠢᠵᠤ ᠵᠢᠯᠤᠭᠤᠳᠤᠭᠤᠯᠵᠤ ᠪᠠᠶᠢᠵᠠᠢ᠃
     ᠦᠦᠰᠢᠨ ᠮᠣᠷᠢᠨ ᠬᠤᠭᠤᠷ ‍ᠤᠨ ᠪᠦᠯᠬᠦᠮ ᠨᠢ ᠳᠤᠮᠳᠠᠳᠤ ᠤᠯᠤᠰ ᠤᠨ ᠦᠦᠰᠢᠨ ᠮᠤᠷᠢᠨ ᠬᠤᠭᠤᠷ ᠤᠨ ᠰᠢᠮᠫᠣᠨᠢ ᠨᠠᠶᠢᠷᠠᠯ ᠬᠦᠭᠵᠢᠮ ᠦᠨ ᠪᠦᠯᠬᠦᠮ ᠪᠣᠯᠣᠭᠰᠠᠨ ᠴᠠᠭ ᠡᠴᠠ ᠪᠠᠨ ᠳᠤᠮᠳᠠᠳᠤ ᠤᠯᠤᠰ ‍ᠤᠨ ᠠᠷᠠᠳ ‍ᠤᠨ ᠴᠢᠯᠦᠭᠡᠯᠡᠬᠦ ᠴᠡᠷᠢᠭ ‍ᠤᠨ ᠨᠠᠶᠢᠷᠠᠯ ᠬᠥᠭᠵᠢᠮ ‍ᠤᠨ ᠪᠦᠯᠬᠦᠮ ᠬᠢᠭᠡᠳ ᠥᠪᠥᠷ ᠮᠣᠩᠭᠣᠯ ‍ᠤᠨ ᠦᠨᠳᠦᠰᠦᠲᠡᠨ ‍ᠤ ᠤᠷᠠᠯᠢᠭ ᠵᠦᠴᠦᠭᠡ ᠶ᠋ᠢᠨ ᠬᠦᠷᠢᠶᠡᠯᠡᠩ ‍ᠤᠨ ᠨᠠᠶᠢᠷᠠᠯ ᠬᠥᠭᠵᠢᠮ ‍ᠤᠨ ᠪᠦᠯᠬᠦᠮ ᠲᠠᠢ ᠬᠠᠮᠲᠤᠷᠠᠨ ᠣᠯᠠᠨ ᠤᠳᠠᠭ᠎ᠠ ᠲᠣᠭᠯᠠᠯᠲᠠ ᠭᠠᠷᠭᠠᠨ᠂ ᠰᠢᠯᠢᠳᠡᠭ ᠬᠢᠷᠢ ᠪᠦᠲᠦᠮᠵᠢ ᠶ᠋ᠢ ᠡᠭᠦᠳᠴᠦ᠂ ᠦᠵᠡᠭᠴᠢᠳ ‍ᠤᠨ ᠬᠠᠯᠠᠭᠤᠨ ᠬᠦᠷᠢᠶᠡᠯᠡᠯ ‍ᠢ ᠣᠯᠵᠤ ᠪᠠᠶᠢᠭᠰᠠᠨ ᠢᠶᠠᠷ ᠪᠠᠷᠠᠬᠤ ᠦᠭᠡᠢ ᠣᠶᠢᠷ᠎ᠠ ᠶ᠋ᠢᠨ ᠬᠣᠶᠠᠷ ᠵᠢᠯ ᠤᠯᠤᠰ ‍ᠤᠨ ᠲᠣᠳᠣᠭᠠᠲᠤ᠂ ᠭᠠᠳᠠᠭᠠᠳᠤ ᠶ᠋ᠢᠨ ᠲᠣᠮᠣ ᠬᠡᠯᠪᠡᠷᠢ ᠶ᠋ᠢᠨ ᠤᠷᠠᠯᠢᠭ ‍ᠤᠨ ᠲᠠᠶᠢᠰᠠᠨ ᠳᠤ ᠴᠦ ᠣᠯᠠᠨᠲᠠ ᠬᠦᠷᠴᠦ ᠠᠮᠵᠢᠯᠲᠠ ᠪᠠᠶᠢᠭᠤᠯᠤᠨ᠂ ᠠᠯᠳᠠᠷ ᠨᠡᠷ᠎ᠡ ᠪᠠᠨ ᠳᠠᠭᠤᠷᠢᠰᠤᠭᠤᠯᠵᠤ ᠶᠠᠪᠤᠪᠠ᠃
     2014 ᠣᠨ ‍ᠤ 5 ᠰᠠᠷ᠎ᠠ ᠶ᠋ᠢᠨ 28 ‍ᠤ ᠡᠳᠦᠷ ᠳᠤᠮᠳᠠᠳᠤ ᠤᠯᠤᠰ ᠤᠨ ᠦᠦᠰᠢᠨ ᠮᠤᠷᠢᠨ ᠬᠤᠭᠤᠷ ᠤᠨ ᠰᠢᠮᠫᠣᠨᠢ ᠨᠠᠶᠢᠷᠠᠯ ᠬᠦᠭᠵᠢᠮ ᠦᠨ ᠪᠦᠯᠬᠦᠮ ᠨᠢ ᠳᠤᠮᠳᠠᠳᠤ ᠤᠯᠤᠰ ‍ᠤᠨ ᠤᠯᠤᠰ ‍ᠤᠨ ᠶᠡᠬᠡ ᠵᠦᠴᠦᠭᠡ ᠶ᠋ᠢᠨ ᠲᠢᠶᠠᠲ᠋ᠷ ᠲᠤ ᠲᠣᠭᠯᠠᠯᠲᠠ ᠭᠠᠷᠭᠠᠨ᠂ ᠮᠣᠩᠭᠣᠯ ᠳᠠᠭᠤᠤ ᠤᠷᠠᠯᠢᠭ ‍ᠤᠨ ᠥᠪᠡᠷᠮᠢᠴᠡ ᠣᠨᠴᠠᠯᠢᠭ᠂ ᠷᠢᠳᠢ ᠰᠢᠳᠢ ᠶ᠋ᠢ ᠡᠩ ᠦᠭᠡᠢ ᠣᠯᠠᠨ ᠦᠵᠡᠭᠴᠢ ᠰᠣᠨᠣᠰᠣᠭᠴᠢᠳ ᠲᠤ ᠲᠠᠨᠢᠭᠤᠯᠵᠤ᠂ ᠦᠨᠳᠦᠰᠦᠲᠡᠨ ‍ᠤ ᠤᠷᠠᠯᠢᠭ ‍ᠤᠨ ᠢᠯᠡᠷᠡᠭᠦᠯᠦᠯ ᠬᠢᠭᠡᠳ ᠦᠷ᠎ᠡ ᠨᠥᠯᠥᠭᠡ ᠶ᠋ᠢ ᠶᠡᠬᠡᠪᠡᠷ ᠦᠷᠭᠡᠳᠬᠡᠭᠰᠡᠨ ᠪᠠᠶᠢᠨ᠎ᠠ᠃

ᠣᠷᠠᠯᠢᠭᠴᠢᠨ ‍ᠣ ᠲᠠᠭᠤᠤ