ᠣᠷᠠᠯᠢᠭᠴᠢᠨ ᠣ ᠨᠠᠮᠳᠠᠷ
ᠮᠣᠩᠭᠤᠯ ᠣᠯᠣᠰ ᠤᠨ ᠲᠥᠷᠥ ᠶ᠋ᠢᠨ ᠱᠠᠩᠨᠠᠯᠲᠦ ᠤᠷᠠᠯᠢᠭ ᠤᠨ ᠭᠠᠪᠢᠶᠠᠲᠦ ᠵᠢᠳᠭᠦᠯᠳᠡᠨ᠂ ᠬᠦᠭᠵᠢᠮ ᠦᠨ ᠵᠤᠬᠢᠶᠠᠯᠴᠢ ᠪᠢᠮᠪᠠᠰᠦ᠋ᠷᠦᠩ ᠤᠨ ᠰᠢᠷᠠᠪ᠂ 1952 ᠣᠨ ᠤ 11 ᠰᠠᠷ᠎ᠠ ᠶᠢᠨ 13 ᠳ᠋ᠤ ᠬᠡᠨᠳᠡᠢ ᠠᠶᠢᠮᠠᠭ ᠤᠨ ᠵᠢᠷᠭᠠᠯᠲᠦ ᠬᠠᠭᠠᠨ ᠰᠣᠮᠣ ᠳ᠋ᠤ ᠲᠦᠷᠦᠭᠰᠡᠨ᠃ ᠤᠯᠤᠰ ᠤᠨ ᠪᠠᠭᠰᠢ ᠶ᠋ᠢᠨ ᠶᠡᠬᠡ ᠰᠣᠷᠭᠠᠭᠤᠯᠢ ᠶ᠋ᠢᠨ ᠬᠦᠭᠵᠢᠮ ᠦᠨ ᠠᠩᠭᠢ ᠶ᠋ᠢ ᠲᠡᠭᠦᠰᠦᠭᠡᠳ ᠭᠤᠷᠪᠠᠨ ᠵᠢᠯ ᠤᠨ ᠲᠤᠷᠰᠢ ᠤᠯᠠᠭᠠᠨᠪᠠᠭᠠᠲᠣᠷ ᠬᠤᠳᠠ ᠶ᠋ᠢᠨ ᠨᠢᠭᠡᠳᠦᠭᠡᠷ ᠰᠣᠷᠭᠠᠭᠤᠯᠢ ᠳ᠋ᠦ ᠪᠠᠭᠰᠢᠯᠠᠵᠤ ᠪᠠᠶᠢᠭᠠᠳ ᠤᠷᠤᠰ ᠤᠨ ᠬᠣᠯᠪᠣᠭᠠᠨ ᠤ ᠤᠯᠤᠰ ᠤᠨ ᠢᠰᠸᠢᠷᠯᠤᠪᠰᠺᠠ ᠬᠤᠲᠠ ᠶ᠋ᠢᠨ ᠬᠦᠭᠵᠢᠮ ᠦᠨ ᠶᠡᠬᠡ ᠰᠣᠷᠭᠠᠭᠤᠯᠢ ᠳ᠋ᠤ ᠨᠠᠢᠮᠠᠨ ᠵᠢᠯ ᠦᠨ ᠲᠤᠷᠰᠢ ᠬᠥᠭᠵᠢᠮ ᠦᠨ ᠵᠣᠬᠢᠶᠠᠯᠴᠢ ᠶᠢᠨ ᠮᠡᠷᠭᠡᠵᠢᠯ ᠢᠶ᠋ᠡᠷ ᠰᠣᠷᠣᠯᠴᠠᠵᠤ ᠲᠡᠭᠦᠰᠴᠡᠢ᠃
1985 ᠤᠨ ᠳ᠋ᠤ 《 ᠽᠠᠮᠪᠤᠲᠢᠪ ᠤᠨ ᠨᠠᠷᠠᠨ ᠮᠠᠭᠲᠠᠭᠤ 》 ᠪᠠᠷ ᠢᠶ᠋ᠡᠨ ᠶᠧᠨᠢᠰᠺᠤ᠋ ᠶᠢᠨ ᠳᠡᠷᠭᠡᠳᠡᠬᠢ ᠳᠡᠯᠡᠬᠡᠢ ᠶ᠋ᠢᠨ ᠬᠦᠭᠵᠢᠮ ᠦᠨ ᠰᠠᠩ ᠳ᠋ᠤ ᠪᠦᠷᠢᠳᠭᠡᠭᠳᠡᠵᠦ ᠡᠭᠦᠪᠡᠷ ᠢᠶ᠋ᠡᠨ 1992 ᠣᠨ ᠳ᠋ᠤ ᠮᠤᠩᠭᠤᠯ ᠤᠯᠤᠰ ᠤᠨ ᠲᠥᠷᠥ ᠶ᠋ᠢᠨ ᠱᠠᠩᠨᠠᠯ ᠬᠦᠷᠲᠡᠵᠡᠢ᠃ ᠮᠦᠨ ᠮᠤᠩᠭᠤᠯ ᠤᠨ ᠬᠦᠭᠵᠢᠮ ᠦᠨ ᠵᠤᠬᠢᠶᠠᠯᠴᠢᠳ ᠡᠴᠠ 《 ᠡᠵᠡᠨ ᠴᠢᠩᠭᠢᠰ ᠦᠨ ᠣᠳᠣᠨ 》 ᠢᠶᠠᠷ ᠱᠠᠩᠨᠠᠭᠤᠯᠤᠭᠰᠠᠨ ᠠᠩᠬᠠᠨ ᠤ ᠤᠷᠠᠨ ᠪᠦᠲᠦᠭᠡᠯᠴᠢ ᠪᠤᠯᠤᠭᠰᠠᠨ᠃ 《 ᠴᠢᠩᠭᠢᠰ ᠬᠠᠭᠠᠨ 》 ᠳᠠᠭᠤᠤᠷᠢ ᠂ 《 ᠵᠠᠭᠤᠷᠳᠣ ᠶ᠋ᠢᠨ ᠤᠷᠤᠨ ᠪᠠᠯᠢᠶᠧᠲ 》᠂ 《 ᠣᠨᠤᠨ ᠳ᠋ᠤ ᠬᠠᠲᠠᠭᠠᠭᠳᠠᠭᠰᠠᠨ ᠢᠯᠳᠦ 》 ᠳᠠᠭᠤᠯᠠᠯᠲᠦ ᠵᠦᠴᠦᠭᠡ ᠂ 20 ᠭᠠᠷᠤᠢ ᠴᠦᠬᠡᠭᠦᠯᠡ ᠬᠦᠭᠵᠢᠮ ᠦᠨ ᠪᠦᠲᠦᠭᠡᠯ᠂ 20 ᠭᠠᠷᠤᠢ ᠺᠢᠨᠤ᠋ ᠶ᠋ᠢᠨ ᠬᠦᠭᠵᠢᠮ᠂ ᠨᠢᠭᠡ᠂ ᠬᠤᠶᠠᠳᠤᠭᠠᠷ ᠰᠢᠮᠫᠣᠨᠢ ᠵᠡᠷᠭᠡ ᠠᠷᠠᠳ ᠲᠦᠮᠡᠨ ᠦ ᠪᠡᠨ ᠰᠢᠷᠭᠢᠰᠢ ᠦᠭᠡᠢ ᠪᠠᠶᠠᠨ ᠥᠪ ᠪᠤᠯᠤᠭᠰᠠᠨ ᠤᠯᠠᠨ ᠮᠢᠩᠭᠠᠨ ᠤ ᠲᠡᠤᠬᠡ ᠲᠠᠢ ᠤᠷᠲᠤ ᠶ᠋ᠢᠨ ᠳᠠᠭᠤᠨ ᠳ᠋ᠤ ᠲᠤᠯᠭᠠᠭᠤᠷᠢᠯᠠᠨ᠂ ᠤᠯᠠᠨ ᠵᠤᠬᠢᠶᠠᠯ ᠢᠶᠡᠨ ᠲᠤᠭᠤᠷᠪᠢᠭᠰᠠᠨ ᠨᠢ ᠮᠣᠩᠭᠣᠯ ᠤᠨ ᠣᠷᠴᠢᠨ ᠴᠠᠭ ᠤᠨ ᠬᠦᠭᠵᠢᠮ ᠳ᠋ᠦ ᠰᠢᠨᠡᠴᠢᠯᠡᠯ ᠪᠤᠯᠤᠭᠰᠠᠨ ᠶᠤᠮ᠃
ᠬᠥᠯ ᠪᠦᠮᠪᠦᠭᠡ ᠶ᠋ᠢᠨ ᠳᠡᠯᠡᠬᠡᠢ ᠶ᠋ᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠨᠡᠬᠡᠭᠡᠯᠲᠡ ᠶᠢᠨ ᠠᠵᠢᠯᠯᠠᠭ᠎ᠠ ᠶᠢᠨ ᠱᠠᠩᠨᠠᠯ ᠭᠠᠷᠳᠠᠭᠤᠯᠬᠤ ᠶᠤᠰᠤᠯᠠᠯ ᠵᠡᠷᠭᠡ ᠬᠦᠮᠦᠨ ᠲᠦᠷᠦᠯᠬᠢᠲᠡᠨ ᠦ ᠲᠤᠮᠤᠬᠠᠨ ᠨᠠᠭᠠᠳᠤᠮ ᠤᠳ ᠤᠨ ᠨᠡᠬᠡᠭᠡᠯᠲᠡ ᠳ᠋ᠦ ᠲᠡᠭᠦᠨ ᠦ ᠠᠶᠠᠯᠭᠤ ᠡᠭᠡᠰᠢᠭᠯᠡᠵᠦ ᠪᠠᠶᠢᠵᠠᠢ᠃