ᠠᠳᠤᠭᠤᠨ ᠤ ᠲᠤᠬᠠᠢ ᠴᠡᠭᠡᠷ ᠶᠣᠰᠣᠨ

ᠤᠩᠰᠢᠭᠰᠠᠨ ᠤᠳᠠᠭ᠎ᠠ ᠄ 1747    ᠨᠡᠶᠢᠳᠡᠯᠡᠭᠰᠡᠨ ᠴᠠᠭ ᠄ 2017-11-16

                      ᠠᠳᠤᠭᠤᠨ ᠤ ᠲᠤᠬᠠᠢ ᠴᠡᠭᠡᠷ ᠶᠣᠰᠣᠨ
      ᠮᠣᠩᠭᠣᠯᠴᠤᠳ ᠪᠤᠷᠤᠭᠤ ᠲᠠᠯ᠎ᠠ ᠶ᠋ᠢᠨ ᠲᠠᠮᠠᠭ᠎ᠠ ᠪᠣᠯ《 ᠪᠠᠷᠠᠭᠳᠠᠵᠤ ᠶᠠᠳᠠᠭᠤᠷᠠᠬᠤ ᠶ᠋ᠢᠨ ᠲᠡᠮᠳᠡᠭ 》 ᠭᠡᠵᠦ ᠦᠵᠡᠳᠡᠭ ᠪᠣᠯᠬᠤᠷ ᠠᠳᠤᠭᠤᠨ ᠳ᠋ᠤ ᠪᠤᠷᠤᠭᠤ ᠲᠠᠰᠢᠶᠠᠨ ᠳᠡᠭᠡᠷ᠎ᠡ ᠲᠠᠮᠠᠭ᠎ᠠ ᠳᠠᠷᠤᠳᠠᠭ ᠦᠭᠡᠢ᠃
      ᠠᠳᠤᠭᠤᠨ ᠲᠠᠮᠠᠭ᠎ᠠ ᠪᠠᠨ ᠭᠠᠳᠠᠨ᠎ᠠ ᠡᠨᠳᠡ ᠲᠡᠨᠳᠡ ᠬᠠᠶᠠᠬᠤ ᠶ᠋ᠢ ᠴᠡᠭᠡᠷᠯᠡᠵᠦ᠂ ᠵᠠᠪᠠᠯ ᠮᠣᠩᠭᠣᠯ ᠭᠡᠷ ᠦᠨ ᠢᠶ᠋ᠡᠨ ᠬᠣᠶᠢᠲᠤ ᠪᠣᠶᠣ ᠪᠠᠷᠠᠭᠤᠨ ᠬᠣᠶᠢᠲᠤ ᠲᠠᠯ᠎ᠠ ᠶ᠋ᠢᠨ ᠣᠨᠢᠨ ᠳ᠋ᠤᠨᠢ ᠬᠠᠳᠠᠭ ᠪᠥᠰ ᠢᠶ᠋ᠡᠷ ᠣᠷᠢᠶᠠᠵᠤ ᠬᠠᠪᠴᠢᠭᠤᠯᠤᠨ ᠬᠠᠳᠠᠭᠠᠯᠠᠨ᠎ᠠ᠃
      ᠠᠳᠤᠭᠤ ᠲᠠᠮᠠᠭᠠᠯᠠᠬᠤ ᠦᠶ᠎ᠡ ᠳ᠋ᠦ ᠬᠡᠷᠡᠭᠦᠯ ᠵᠢᠭᠤᠷᠠᠭᠠᠨ᠂ ᠵᠣᠳᠣᠭᠠᠨ ᠬᠢᠬᠦ ᠶ᠋ᠢ ᠪᠡᠯᠭᠡ ᠮᠠᠭᠤᠳᠠᠢ ᠭᠡᠵᠦ ᠦᠵᠡᠳᠡᠭ᠃ ᠡᠶᠢᠮᠦ ᠡᠴᠡ ᠠᠳᠤᠭᠤ  ᠲᠠᠮᠠᠭᠠᠯᠠᠵᠤ ᠪᠠᠶᠢᠬᠤ ᠦᠶ᠎ᠡ ᠳ᠋ᠦ ᠬᠡᠷᠡᠭᠦᠯ ᠵᠣᠳᠣᠭᠠᠨ ᠬᠢᠬᠦ ᠪᠣᠶᠣ ᠬᠡᠯᠡ ᠠᠮᠠ ᠲᠠᠲᠠᠬᠤ ᠶ᠋ᠢ ᠡᠷᠡᠰ ᠴᠡᠭᠡᠷᠯᠡᠳᠡᠭ᠃
      ᠬᠠᠶᠢᠷᠠᠲᠠᠢ ᠠᠭᠲᠠ ᠮᠣᠷᠢ ᠪᠠ ᠣᠩᠭᠤᠯᠠᠵᠤ ᠳᠠᠷᠬᠠᠯᠠᠭᠰᠠᠨ ᠮᠣᠷᠢᠳ ᠢᠶᠡᠨ ᠬᠤᠳᠠᠯᠳᠤᠨ ᠶᠠᠪᠤᠭᠤᠯᠬᠤ ᠶ᠋ᠢ ᠣᠨᠴᠠ ᠬᠢᠴᠢᠶᠡᠵᠦ ᠦᠬᠦᠨ ᠦᠬᠦᠲᠡᠯ᠎ᠡ ᠨᠢ ᠳᠣᠳᠣᠮᠳᠠᠨ ᠠᠷᠠᠴᠢᠯᠠᠳᠠᠭ᠃
      ᠬᠡᠭᠡᠷ᠎ᠡ ᠬᠦᠳᠡᠭᠡ ᠶᠠᠪᠤᠵᠤ ᠪᠠᠶᠢᠬᠤ ᠳ᠋ᠤ ᠮᠣᠷᠢᠨ  ᠤ ᠬᠢᠯᠭᠠᠰᠤ ᠪᠠᠷ ᠬᠣᠯᠪᠣᠯᠳᠤᠭᠰᠠᠨ ᠬᠣᠮᠣᠯ ᠲᠠᠭᠠᠷᠠᠪᠠᠯ ᠲᠡᠬᠦᠵᠦ ᠠᠪᠤᠭᠠᠳ ᠮᠣᠩᠭᠣᠯ ᠭᠡᠷ ᠦᠨ ᠬᠠᠨ᠎ᠠ ᠶ᠋ᠢᠨ ᠲᠣᠯᠣᠭᠠᠢ ᠡᠴᠠ ᠡᠯᠭᠦᠵᠦ ᠬᠠᠲᠠᠭᠠᠳᠠᠭ᠃ ᠡᠭᠦᠨ ᠢᠶ᠋ᠡᠨ ᠠᠳᠤᠭᠤ ᠦᠷᠡᠵᠢᠬᠦ ᠶ᠋ᠢᠨ ᠪᠡᠯᠭᠡ ᠳᠡᠮᠪᠡᠷᠢᠯ ᠢᠶ᠋ᠡᠷ ᠦᠵᠡᠳᠡᠭ᠃
      ᠮᠣᠩᠭᠣᠯᠴᠤᠳ ᠮᠣᠷᠢᠨ ᠳ᠋ᠠᠭᠠᠨ ᠮᠣᠷᠳᠠᠬᠤ ᠳ᠋ᠤ ᠬᠡᠵᠢᠶ᠎ᠡ ᠴᠦ ᠵᠦᠪᠲᠡᠢ ᠲᠠᠯ᠎ᠠ ᠡᠴᠠ ᠨᠢ ᠮᠣᠷᠳᠠᠵᠤ ᠵᠦᠪᠲᠡᠢ ᠲᠠᠯ᠎ᠠ ᠤᠷᠤᠭᠤ ᠨᠢ ᠪᠠᠭᠤᠳᠠᠭ᠃
      ᠮᠣᠷᠢᠨ ᠲᠣᠯᠣᠭᠠᠢ᠂ ᠭᠡᠳᠡᠰᠦ ᠪᠣᠶᠣ ᠴᠢᠪᠭᠢ ᠤᠷᠤᠭᠤ ᠴᠣᠬᠢᠬᠤ ᠶ᠋ᠢ ᠮᠣᠷᠠᠯ ᠦᠭᠡᠢ ᠭᠡᠵᠦ ᠣᠨᠴᠠ ᠴᠡᠭᠡᠷᠯᠡᠳᠡᠭ᠃
      ᠠᠳᠤᠭᠤ ᠶ᠋ᠢ ᠨᠠᠮᠤᠷ ᠤᠨ ᠨᠠᠢᠮᠠᠨ ᠰᠠᠷ᠎ᠠ ᠶ᠋ᠢᠨ ᠰᠢᠨᠡᠳ ᠢᠶ᠋ᠡᠷ《 ᠨᠠᠮᠤᠷ ᠤᠨ ᠳᠠᠯᠠᠯᠭ᠎ᠠ ᠠᠪᠴᠤ ᠨᠣᠮ ᠤᠩᠰᠢᠬᠤ》ᠦᠶ᠎ᠡ ᠳ᠋ᠦ ᠲᠡᠭᠷᠢ ᠳ᠋ᠦ ᠰᠡᠳᠡᠷᠯᠡᠳᠡᠭ᠃ ᠰᠡᠳᠡᠷᠯᠡᠬᠦ ᠠᠳᠤᠭᠤᠨ ᠳ᠋ᠠᠭᠠᠨ ᠠᠭᠢ ᠬᠦᠵᠢ ᠶ᠋ᠢᠨ ᠰᠠᠩ ᠤᠤᠭᠢᠭᠤᠯᠬᠤ ᠶ᠋ᠢᠨ ᠬᠠᠮᠲᠤ ᠷᠠᠰᠢᠶᠠᠯᠠᠵᠤ᠂ ᠰᠠᠳᠡᠷ ᠢᠶᠡᠨ ᠵᠡᠭᠦᠯᠭᠡᠵᠦ ᠰᠦ ᠰᠠᠭᠠᠯᠢ ᠪᠠᠷ ᠮᠢᠯᠢᠶᠠᠭᠠᠳ ᠦᠩᠭᠡ ᠵᠢᠰᠦᠮ᠂ ᠨᠠᠰᠤ ᠵᠢᠯ ᠢ ᠨᠢ ᠳᠠᠭᠤᠳᠠᠨ ᠠᠴᠢ ᠭᠠᠪᠢᠶ᠎ᠠ ᠶ᠋ᠢ ᠨᠢ ᠮᠠᠭᠲᠠᠵᠤ᠂ ᠲᠡᠭᠷᠢ ᠳ᠋ᠦ ᠳᠠᠭᠠᠳᠬᠠᠭᠠᠳ ᠰᠦᠷᠦᠭ ᠲᠤᠨᠢ ᠲᠠᠯᠪᠢᠳᠠᠭ᠃ ᠣᠩᠭᠣᠨ ᠳᠠᠷᠬᠠᠨ ᠠᠳᠤᠭᠤᠨ ᠤ ᠪᠠᠨ ᠳᠡᠯ ᠰᠡᠭᠦᠯ ᠡᠴᠡ ᠠᠪᠴᠤ ᠬᠠᠳᠠᠭ ᠲᠤ ᠪᠣᠭᠣᠵᠤ᠂ ᠬᠠᠨ᠎ᠠ ᠶ᠋ᠢᠨ ᠲᠣᠯᠣᠭᠠᠢ ᠳ᠋ᠤ ᠡᠯᠭᠦᠨ ᠳᠠᠬᠢᠵᠤ ᠬᠠᠶᠢᠷᠠᠲᠠᠢ ᠮᠠᠯ ᠤᠨ ᠢᠶᠡᠨ ᠠᠴᠢ ᠲᠤᠰᠠ ᠶ᠋ᠢ ᠳᠤᠷᠠᠰᠤᠨ ᠮᠦᠷᠦᠭᠡᠳᠦᠬᠦ ᠰᠡᠳᠬᠢᠯ ᠢᠶ᠋ᠡᠨ ᠢᠯᠡᠳᠬᠡᠳᠡᠭ᠃

                  
ᠢᠷᠡᠯᠳᠡ᠄ ᠴᠢᠩᠭᠢᠰ ᠰᠦᠯᠵᠢᠶ᠎ᠡ ᠶ᠋ᠢᠨ ᠭᠦᠷᠵᠠᠪ ᠤᠨ ᠪᠦᠷᠭᠡ ᠡᠴᠡ ᠬᠠᠷᠢᠭᠤᠴᠠᠭᠰᠠᠨ ᠨᠠᠶᠢᠷᠠᠭᠤᠯᠤᠭᠴᠢ ᠄