ᠠᠭᠤᠷᠯᠠᠮᠠᠳᠠᠭᠠᠢ ᠬᠦᠮᠤᠨ ᠶᠠᠭᠠᠬᠢᠪᠠᠯ ᠵᠤᠬᠢᠬᠤ ᠪᠤᠢ

ᠤᠩᠰᠢᠭᠰᠠᠨ ᠤᠳᠠᠭ᠎ᠠ ᠄ 105    ᠨᠡᠶᠢᠳᠡᠯᠡᠭᠰᠡᠨ ᠴᠠᠭ ᠄ 2017-11-16

                      ᠠᠭᠤᠷᠯᠠᠮᠠᠳᠠᠭᠠᠢ ᠬᠦᠮᠤᠨ ᠶᠠᠭᠠᠬᠢᠪᠠᠯ ᠵᠤᠬᠢᠬᠤ ᠪᠤᠢ 
      ᠠᠭᠤᠷᠯᠠᠬᠤ ᠪᠤᠯ ᠨᠢᠭᠡ ᠵᠤᠢᠯ ᠤᠨ ᠰᠦᠭᠡᠷᠭᠦ ᠴᠢᠨᠠᠷ ᠲᠠᠢ ᠰᠡᠳᠬᠢᠯ ᠤᠨ ᠬᠦᠳᠡᠯᠭᠡᠭᠡᠨ᠂ ᠮᠦᠡᠴᠤ ᠨᠠᠵᠠᠭᠠᠢ ᠡᠨ᠋ᠸᠷᠬᠢ ᠶᠤᠮ᠃ ᠪᠠᠢᠩᠭᠤ ᠠᠭᠤᠷᠯᠠᠭᠠᠳ ᠪᠠᠢᠪᠠᠯ ᠡᠷᠡᠭᠦᠯ ᠡᠩᠭᠡ ᠶ᠋ᠢ ᠨᠦᠯᠤᠭᠡᠯᠡᠬᠦ ᠲᠡᠳᠦᠢ ᠦᠭᠡᠢ᠂ ᠳᠦᠷ ᠵᠠᠭᠤᠷ᠎ᠠ ᠶᠡᠬᠡ ᠠᠭᠤᠷᠯᠠᠬᠤ ᠳ᠋ᠤ ᠬᠦᠷᠪᠡᠯ ᠵᠠᠷᠢᠮ ᠤᠳᠠᠭᠠᠨ ᠴᠢᠨᠠᠷᠲᠡᠢ ᠡᠪᠡᠳᠴᠢᠨ ᠢ ᠨᠢ ᠬᠦᠡᠳᠤᠷᠡᠭᠦᠯᠵᠦ ᠠᠶᠤᠯ ᠲᠡᠷᠢᠵᠤ ᠴᠤ ᠮᠡᠳᠡᠨ᠎ᠠ᠃ ᠵᠢᠱᠢᠶᠡᠯᠡᠪᠡᠯ ᠵᠢᠷᠤᠭᠡ ᠳᠡᠷᠢᠬᠢᠨ ᠰᠤᠳᠠᠯ ᠤᠨ ᠡᠪᠡᠳᠴᠢᠨ ᠵᠢᠴᠢ ᠤᠶᠤᠨ ᠮᠡᠳᠡᠷᠡᠯ ᠤᠨ  ᠰᠢᠰᠲ᠋ᠸᠮ ᠤᠨ ᠡᠪᠡᠳᠴᠢᠨ ᠢ ᠬᠦᠡᠳᠤᠷᠡᠭᠦᠯᠵᠤ᠂ ᠪᠡᠶ᠎ᠠ ᠮᠠᠬᠠᠪᠤᠳ ᠢ ᠭᠡᠮᠳᠤᠭᠡᠬᠦ ᠪᠠᠷ ᠪᠠᠷᠠᠬᠤ ᠦᠭᠡᠢ᠂ ᠠᠮᠢ ᠨᠠᠰᠤ ᠶ᠋ᠢ ᠴᠤ ᠬᠤᠬᠢᠷᠠᠭᠤᠯᠬᠤ ᠪᠤᠯᠤᠨ᠎ᠠ᠃     
      ᠵᠠᠷᠢᠮ ᠪᠡᠢᠴᠡᠭᠠᠯᠳᠠ ᠳ᠋ᠤ ᠢᠯᠡᠷᠡᠭᠦᠯᠦᠭᠰᠡᠨ ᠢᠶᠠᠷ᠂ ᠠᠭᠤᠷᠯᠠᠮᠠᠳᠠᠭᠠᠢ ᠬᠦᠮᠤᠨ ᠤ ᠤᠯᠠᠩᠬᠢ ᠨᠢ ᠵᠠᠯᠠᠭᠤᠴᠤᠳ ᠪᠡ ᠦᠡᠳᠤᠷ ᠨᠠᠰᠤᠯᠠᠬᠰᠠᠨ ᠬᠦᠮᠤᠰ ᠪᠤᠯᠤᠨ᠎ᠠ᠃ ᠡᠨᠡ ᠨᠢ ᠵᠠᠯᠠᠭᠤᠴᠤᠳ ᠤᠨ ᠤᠮᠤᠬ ᠵᠤᠷᠢᠬ ᠭᠡᠴᠡᠭᠦᠤ᠂ ᠭᠡᠷᠡᠭ ᠶᠠᠪᠤᠳᠠᠯ ᠢ ᠳᠤᠭᠳᠠᠭᠤᠨ ᠪᠤᠳᠤᠯᠬᠢᠯᠠᠬᠤ ᠪᠠᠷ ᠳᠤᠳᠠᠮᠠᠬ ᠡᠴᠠ ᠪᠤᠯᠤᠬᠰᠠᠨ ᠶᠤᠮ᠃ ᠬᠠᠷᠢᠨ ᠨᠠᠰᠤᠳᠠᠢᠴᠤᠳ ᠪᠤᠯ ᠤᠯᠠᠩᠬᠢ ᠨᠢ ᠨᠠᠰᠤ ᠦᠡᠳᠤᠷ ᠪᠤᠯᠤᠬᠰᠠᠨ ᠡᠴᠠ ᠵᠠᠩ ᠴᠢᠨᠠᠷ ᠲᠤᠨᠢ ᠬᠤᠪᠢᠷᠠᠯᠳᠠ ᠭᠠᠷᠴᠤ ᠤᠨᠳᠤᠭᠤᠴᠠᠵᠤ ᠤᠴᠠᠭᠠᠷᠳᠠᠬᠤ᠂ ᠲᠠᠷᠡᠴᠢᠯᠡᠨ ᠡᠪᠡᠳᠴᠢᠨ ᠡᠮᠬᠡᠭ ᠡᠴᠠ ᠪᠤᠯᠤᠬᠰᠠᠨ ᠶᠤᠮ᠃ ᠵᠢᠱᠢᠶᠡᠯᠡᠪᠡᠯ ᠨᠠᠰᠤᠳᠠᠢᠴᠤᠳ ᠤᠨ ᠮᠡᠨᠡᠭ ᠡᠪᠡᠳᠴᠢᠨ᠂ ᠨᠠᠰᠤᠲᠠᠢᠴᠦᠳ ᠤᠨ ᠴᠡᠭᠡᠵᠢᠯᠡᠬᠦ ᠴᠢᠳᠠᠪᠤᠷᠢ ᠮᠡᠭᠤᠳᠡᠵᠤ᠂ ᠨᠤᠢᠷ ᠨᠢ  ᠬᠠᠷᠰᠢᠯᠠᠯ ᠳ᠋ᠤ ᠤᠴᠡᠷᠡᠬᠰᠠᠨ ᠵᠡᠷᠭᠡ ᠮᠡᠳᠡᠷᠡᠯ ᠤᠨ ᠡᠪᠡᠳᠴᠢᠨ ᠡᠴᠠ ᠴᠤ ᠪᠤᠯᠤᠬᠰᠠᠨ ᠪᠠᠶᠢᠳᠠᠭ᠃     
      ᠭᠡᠪᠡᠴᠤ ᠪᠠᠰᠠ ᠢᠯᠡᠷᠬᠡᠢ ᠡᠪᠡᠳᠴᠢᠨ ᠤ ᠰᠢᠯᠲᠠᠭᠠᠨ ᠦᠭᠡᠢ ᠴᠤ ᠠᠭᠤᠷ ᠶᠡᠬᠡᠳᠡᠢ ᠬᠦᠮᠤᠨ ᠪᠠᠶᠢᠳᠠᠭ᠂ ᠡᠢᠮᠦ ᠬᠦᠮᠦᠰ ᠴᠤᠬᠤᠮ ᠶᠠᠭᠠᠬᠢᠪᠠᠯ ᠵᠤᠬᠢᠬᠤ ᠪᠤᠢ᠂ ᠠᠭᠤᠷᠯᠠᠬᠤ ᠪᠤᠶᠤ ᠶᠡᠬᠡ ᠠᠭᠤᠷᠯᠠᠬᠤ ᠨᠢ ᠬᠦᠮᠤᠨ ᠤ ᠵᠠᠩ  ᠴᠢᠨᠠᠷ ᠡᠴᠠ ᠰᠢᠯᠲᠠᠭᠠᠯᠠᠬᠲᠠᠬᠤ ᠡᠴᠠ ᠭᠠᠳᠠᠨ᠎ᠠ᠂ ᠵᠤᠬᠢᠬᠤ ᠬᠡᠮᠵᠢᠶᠡᠨ ᠡᠴᠠ ᠬᠡᠯᠡᠬᠦ ᠳ᠋ᠤ ᠨᠡᠩ ᠴᠤ ᠬᠦᠮᠦᠨ ᠤ ᠬᠡᠪ ᠪᠤᠯᠪᠠᠰᠤᠷᠠᠯ ᠤᠨ ᠠᠰᠠᠭᠤᠳᠠᠯ ᠪᠤᠯᠬᠤ ᠶᠤᠮ᠃    
      ᠮᠠᠭᠤ ᠤᠴᠢᠷ ᠪᠤᠶᠤ ᠡᠪ ᠦᠭᠡᠢ ᠳᠤᠬᠢᠶᠠᠯᠳᠤᠯ ᠲᠠᠭᠠᠷᠠᠭᠰᠠᠨ ᠴᠤ ᠠᠭᠤᠷᠯᠠᠬᠤ ᠦᠭᠡᠢ ᠪᠠᠢᠵᠤ ᠪᠤᠯᠤᠨ᠎ᠠ᠄ ᠪᠤᠰᠤᠳ ᠬᠦᠮᠤᠨ ᠰᠠᠨᠠᠭᠠᠨ ᠳ᠋ᠤ ᠦᠭᠡᠢ ᠪᠤᠶᠤ ᠠᠷᠭ᠎ᠠ ᠦᠭᠡᠢ ᠪᠠᠢᠳᠠᠯ ᠳᠤᠤᠷ᠎ᠠ  ᠴᠢᠮ᠎ᠠ ᠳ᠋ᠤ 《 ᠠᠶᠤᠮᠰᠢᠬ ᠦᠭᠡᠢ ᠬᠠᠯᠳᠠᠬᠰᠠᠨ 》 ᠦᠶᠠᠰ ᠡᠪᠡᠳᠴᠢᠨ ᠳ᠋ᠤ ᠨᠡᠷᠪᠡᠭᠳᠡᠭᠰᠡᠨ ᠪᠤᠶᠤ ᠰᠡᠳᠬᠢᠯ ᠤᠨ ᠳᠡᠷᠤᠭᠠᠰᠤ ᠲᠠᠢ ᠦᠶᠡᠰ᠄ ᠡᠰᠡᠪᠡᠯ ᠠᠷᠢᠬᠢ ᠤᠤᠭᠤᠬᠰᠠᠨ ᠤ ᠳᠠᠷᠠᠭ᠎ᠠ᠂ ᠶᠠᠮᠠᠷ ᠨᠢᠭᠡᠨ ᠶᠠᠪᠤᠳᠠᠯ ᠡᠴᠠ ᠪᠤᠯᠵᠤ ᠦᠬᠡ ᠶᠡᠷᠢᠶ᠎ᠠ᠂ ᠤᠢᠯᠡ ᠠᠵᠢᠯᠯᠠᠭ᠎ᠠ ᠨᠢ ᠬᠢᠯᠪᠠᠷᠬᠠᠨ ᠬᠡᠪ ᠤᠨ ᠪᠤᠰᠤ ᠪᠤᠯᠤᠬᠰᠠᠨ ᠦᠶ᠎ᠡ ᠄ ᠶᠡᠯᠢᠮ ᠦᠭᠡᠢ ᠶᠡᠪᠤᠳᠠᠯ ᠡᠴᠠ ᠪᠤᠯᠵᠤ ᠭᠡᠨᠡᠳᠲᠡ ᠠᠭᠤᠷ ᠤᠴᠠᠭᠠᠷ  ᠲᠦᠷᠦᠭᠳᠡᠬᠦ ᠦᠶᠡᠰ ︔ ᠲᠠᠨ ᠤ ᠠᠰᠢᠭ ᠲᠤᠰᠠ ᠳ᠋ᠤ ᠬᠠᠯᠳᠠᠭᠰᠠᠨ ᠦᠴᠤᠭᠡᠨ ᠴᠤ ᠦᠡᠳᠤᠰᠤ ᠪᠠᠷᠢᠮᠳᠠ ᠦᠭᠡᠢ ᠴᠤᠤᠷᠬᠠᠯ ᠶᠡᠷᠢᠶ᠎ᠠ᠂ ᠳᠠᠮ ᠤᠨ ᠦᠭᠡ ᠶ᠋ᠢ ᠰᠤᠨᠤᠰᠬᠤ ᠦᠶᠡᠰ ᠭᠡᠬᠦ ᠮᠡᠲᠦ᠃ ᠶᠠᠷᠦᠨᠢ ᠠᠭᠤᠷᠯᠠᠬᠤ ᠳᠤᠬᠢᠶᠠᠯᠳᠤᠯ ᠪᠤᠯ 《 ᠪᠤᠰᠤᠳ ᠤᠨ ᠪᠤᠷᠤᠭᠤ ᠪᠠᠷ ᠦᠪᠠᠷ ᠢ ᠪᠠᠨ ᠵᠤᠪᠠᠭᠠᠵᠤ ᠪᠠᠢᠬᠤ ᠶᠠᠪᠤᠳᠠᠯ》 ᠭᠡᠵᠦ ᠮᠡᠷᠭᠡᠳ ᠤᠨ ᠠᠢᠯᠠᠳᠤᠭᠰᠠᠨ ᠦᠭᠡ ᠶ᠋ᠢ ᠦᠷᠭᠦᠯᠵᠢ ᠰᠠᠨᠠᠯᠲᠠᠢ ᠶᠤᠮ ᠳ᠋ᠠ᠃  ᠠᠭᠤᠷᠯᠠᠬᠤ ᠰᠢᠯᠲᠠᠭᠠᠨ ᠪᠤᠯ ᠶᠠᠷᠦᠨᠢ ᠦᠭᠡᠷ᠎ᠡ ᠬᠦᠮᠦᠨ ᠤ ᠪᠤᠷᠤᠭᠤ ᠡᠴᠠ ᠪᠤᠯᠵᠤ ᠪᠢᠳᠡ ᠪᠠᠴᠢᠮᠳᠠᠨ᠂ ᠰᠠᠨᠳᠤᠷᠴᠤ᠂ ᠪᠡᠭᠳᠡᠷᠡᠵᠦ ᠪᠠᠢᠳᠠᠭ ᠯᠠ ᠳ᠋ᠠ᠂ ᠡᠭᠦᠨ ᠢ ᠰᠠᠷᠠᠵᠦ ᠮᠡᠳᠡᠭᠰᠡᠨ ᠲᠡᠷᠡ ᠮᠦᠴᠡ ᠡᠴᠠ ᠯᠠ ᠰᠡᠳᠬᠢᠯ ᠢᠶᠡᠨ ᠳᠤᠭᠲᠠᠭᠠᠵᠤ᠂ ᠦᠪᠠᠷ ᠢ ᠪᠠᠨ ᠵᠤᠪᠠᠭᠠᠵᠤ ᠰᠢᠷᠬᠠᠯᠠᠭᠤᠯᠬᠤ ᠠᠭᠤᠷ ᠤᠴᠠᠭᠠᠷ ᠬᠡᠮᠡᠬᠦ ᠡᠨᠡᠬᠦ 《 ᠠᠶᠤᠯᠲᠤ ᠳᠠᠢᠰᠤᠨ》 ᠡᠴᠠ ᠵᠠᠢᠯᠠᠵᠤ ᠴᠢᠳᠠᠪᠠᠯ ᠬᠠᠮᠤᠭ ᠰᠠᠢᠨ ᠳ᠋ᠠ᠃     
      ᠠᠭᠤᠷ ᠢᠶᠡᠨ ᠳᠠᠷᠤᠬᠤ ᠳ᠋ᠤ ᠬᠡᠳᠤᠢ ᠳᠦᠷᠭᠡᠨ ᠪᠤᠯ ᠳᠡᠳᠤᠢ ᠰᠠᠢᠨ᠄ ᠠᠭᠤᠷ ᠬᠦᠷᠴᠤ ᠪᠠᠢᠭ᠎ᠠ  ᠳᠤᠬᠠᠢ ᠶ᠋ᠢᠨ ᠳᠠᠯᠠᠪᠤᠷ ᠪᠤᠶᠤ ᠲᠠᠨ ᠢ ᠠᠭᠤᠷᠯᠠᠭᠤᠯᠤᠬᠰᠠᠨ ᠬᠦᠮᠤᠨ ᠡᠴᠠ ᠳᠠᠷᠤᠢᠬᠠᠨ ᠵᠠᠢᠯᠠᠵᠤ ᠶᠡᠪᠤᠬᠤ ᠬᠡᠷᠡᠭᠳᠡᠢ︔ ᠰᠡᠳᠬᠢᠯ ᠲᠠᠭᠠᠷᠠᠳᠠᠭ ᠨᠠᠢᠵᠢ ᠪᠤᠶᠤ ᠪᠤᠰᠤᠳ ᠢᠳᠡᠭᠡᠯ ᠰᠠᠢᠳᠠᠢ ᠬᠦᠮᠤᠨ ᠳ᠋ᠤ ᠭᠤᠮᠤᠳᠠᠯ ᠢᠶᠡᠨ ᠳᠤᠭᠠᠴᠢᠵᠤ ᠪᠤᠯᠤᠨ᠎ᠠ︔ᠰᠤᠨᠤᠰᠬᠤ ᠳᠤᠷᠠᠳᠠᠢ ᠳᠠᠭᠤᠤ ᠪᠠᠨ ᠰᠤᠨᠤᠰᠴᠤ᠂ ᠠᠩᠬᠠᠷᠤᠯ ᠢᠶᠡᠨ ᠦᠭᠡᠷ᠎ᠡ ᠶᠠᠭᠤᠮᠠᠨ ᠳ᠋ᠤ ᠰᠢᠯᠵᠢᠭᠦᠯᠪᠡᠯ ᠵᠤᠬᠢᠨ᠎ᠠ︔ᠳᠠᠷᠤᠢᠬᠠᠨ ᠬᠢᠬᠦ  ᠳᠤᠷᠠᠳᠠᠢ ᠵᠦᠢᠯ ᠢᠶᠡᠨ ᠤᠷᠤᠯᠳᠤᠪᠡᠯ ᠰᠠᠢᠨ᠃ ᠡᠳᠡᠭᠡᠷ ᠪᠤᠯ ᠠᠭᠤᠷ ᠢ ᠳᠠᠢᠳᠬᠤᠷᠠᠭᠤᠯᠬᠤ ᠰᠠᠢᠨ ᠠᠷᠭ᠎ᠠ ᠶᠤᠮ᠃ ᠠᠭᠤᠷ ᠠᠭᠠᠰᠢ ᠵᠢᠴᠢ ᠠᠭᠤᠷᠯᠠᠵᠤ ᠪᠠᠢᠬᠤ ᠴᠡᠬ ᠬᠤᠭᠤᠴᠠᠭ᠎ᠠ ᠪᠠᠨ ᠰᠠᠢᠨ ᠬᠢᠵᠠᠭᠠᠷᠯᠠᠵᠤ᠂ ᠠᠭᠤᠷᠯᠠᠬᠤ ᠴᠠᠬ ᠢᠶᠡᠨ ᠪᠤᠭᠤᠨᠢᠰᠬᠠᠵᠤ᠂ ᠰᠡᠳᠬᠢᠯ ᠤᠨ ᠳᠡᠩᠴᠡᠭᠦᠷᠢ ᠪᠠᠨ ᠠᠯᠢ ᠪᠤᠯᠬᠤ ᠪᠠᠷ ᠬᠡᠪ ᠤᠨ ᠪᠠᠢᠳᠠᠯ ᠳ᠋ᠤ ᠤᠷᠤᠭᠤᠯᠬᠤ ᠬᠡᠷᠡᠭᠳᠡᠢ ᠃    
      ᠠᠭᠤᠷᠯᠠᠮᠠᠳᠠᠭᠠᠢ ᠬᠦᠮᠤᠨ ᠡᠩ ᠤᠨ ᠦᠶᠡᠰ ᠡᠯᠢᠭᠡᠨ ᠬᠠᠯᠠᠭᠤᠨ ᠢ ᠳᠠᠭᠤᠬᠤ ᠡᠮ ᠤᠤᠭᠤᠵᠤ᠂ ᠳᠤᠳᠤᠷᠭᠠᠨ ᠭᠤᠯᠢᠷ᠂ ᠡᠷᠳᠡᠨᠢ ᠰᠢᠰᠢ ᠶ᠋ᠢᠨ ᠭᠤᠯᠢᠷ᠂ ᠪᠤᠷᠴᠡᠬ ᠤᠨ ᠢᠳᠡᠭᠡᠨ᠂ ᠴᠠᠭᠠᠨ ᠯᠤᠤᠪᠠᠩ᠂ ᠰᠢᠯᠢᠮᠳᠡᠭ ᠨᠤᠭᠤᠭ᠎ᠠ᠂ ᠴᠤᠭᠤᠷ ᠨᠤᠭᠤᠭ᠎ᠠ᠂ ᠬᠠᠢᠳᠠᠢ ᠨᠤᠭᠤᠭ᠎ᠠ᠂ ᠦᠨᠢᠶᠡᠨ ᠰᠦ ᠵᠡᠷᠭᠡ ᠢᠳᠡᠭᠡᠨ ᠢ ᠢᠯᠡᠭᠦᠭᠡᠨ ᠢᠳᠡᠵᠤ᠂ ᠡᠯᠢᠭᠡ ᠶ᠋ᠢ ᠬᠠᠯᠠᠭᠤᠳᠠᠭᠤᠯᠬᠤ ᠢᠳᠡᠭᠡᠨ ᠢ ᠳᠤᠳᠠᠭᠤ ᠢᠳᠡᠪᠡᠯ ᠵᠤᠬᠢᠨ᠎ᠠ᠃
ᠢᠷᠡᠯᠳᠡ᠄ ︽ ᠠᠮᠢ ᠨᠠᠰᠤᠨ ᠤ ᠴᠠᠬ ᠰᠤᠨᠢᠨ ︾ ᠡᠴᠠ ᠬᠠᠷᠢᠭᠤᠴᠠᠭᠰᠠᠨ ᠨᠠᠶᠢᠷᠠᠭᠤᠯᠤᠭᠴᠢ ᠄