ᠰᠦᠯᠢᠶᠣᠣ ᠰᠠᠪᠠ ᠳ᠋ᠤ ᠨᠣᠭᠣᠭ᠎ᠠ ᠬᠤᠷᠢᠶᠠᠬᠤ ᠨᠢ ᠬᠦᠮᠦᠨ ᠤ ᠡᠷᠡᠭᠦᠯ ᠮᠡᠨᠳᠦ ᠳ᠋ᠦ ᠮᠠᠭᠤ

ᠤᠩᠰᠢᠭᠰᠠᠨ ᠤᠳᠠᠭ᠎ᠠ ᠄ 130    ᠨᠡᠶᠢᠳᠡᠯᠡᠭᠰᠡᠨ ᠴᠠᠭ ᠄ 2017-11-13

         ᠠᠭᠤᠷ ᠠᠮᠢᠰᠬᠤᠯ ᠬᠦᠢᠲᠡᠷᠡᠬᠦ ᠶ᠋ᠢ ᠳᠠᠭᠠᠯᠳᠤᠨ ᠮᠠᠨ ᠤ ᠣᠷᠣᠨ ᠤ ᠣᠯᠠᠩᠭᠢ ᠭᠠᠵᠠᠷ ᠢᠶᠠᠷ ᠡᠪᠦᠯ ᠢᠳᠡᠬᠦ ᠭᠡᠵᠦ ᠣᠯᠠᠨ ᠵᠦᠢᠯ ᠦᠨ ᠨᠣᠭᠣᠭ᠎ᠠ ᠶ᠋ᠢ ᠶᠠᠩᠵᠤ ᠪᠦᠷᠢ ᠶ᠋ᠢᠨ ᠠᠷᠭ᠎ᠠ ᠪᠠᠷ ᠬᠤᠷᠢᠶᠠᠨ ᠬᠠᠳᠠᠭᠠᠯᠠᠵᠤ ᠡᠪᠦᠯ ᠢᠳᠡᠬᠦ ᠪᠡᠷ ᠪᠡᠯᠡᠳᠬᠡᠳᠡᠭ᠃ ᠨᠣᠭᠣᠭ᠎ᠠ ᠶ᠋ᠢ ᠳᠠᠷᠤᠬᠤ ᠂ ᠳᠠᠪᠤᠰᠤᠯᠠᠬᠤ ᠭᠡᠵᠦ ᠶᠠᠮᠠᠷ ᠨᠢᠭᠡ ᠵᠦᠢᠯ ᠦᠨ ᠰᠠᠪᠠ ᠰᠠᠭᠤᠯᠭᠠᠨ ᠳ᠋ᠤ ᠬᠢᠵᠦ ᠪᠠᠶᠢᠳᠠᠭ᠃ ᠡᠭᠦᠨ ᠳ᠋ᠦ ᠨᠣᠭᠣᠭ᠎ᠠ ᠳᠠᠷᠤᠬᠤ ᠬᠠᠳᠠᠭᠠᠯᠠᠬᠤ ᠳ᠋ᠠᠭᠠᠨ ᠰᠦᠯᠢᠶᠣᠣ ᠰᠠᠪᠠ ᠰᠠᠭᠤᠯᠭ᠎ᠠ ᠬᠡᠷᠡᠭᠯᠡᠬᠦ ᠬᠦᠮᠦᠨ ᠣᠯᠠᠨ ᠪᠣᠯᠵᠤ ᠪᠠᠶᠢᠨ᠎ᠠ᠃ ᠤᠴᠢᠷ ᠨᠢ ᠰᠦᠯᠢᠶᠣᠣ ᠰᠠᠪᠠ ᠰᠠᠭᠤᠯᠭ᠎ᠠ ᠨᠢ ᠴᠡᠪᠡᠷ᠂ ᠬᠦᠩᠭᠡᠨ ᠳᠡᠭᠡᠷ᠎ᠡ ᠪᠡᠨ ᠠᠮᠠᠰᠠᠷ ᠲᠠᠭᠯᠠᠭ᠎ᠠ ᠨᠢ ᠰᠠᠶᠢᠨ ᠪᠠᠶᠢᠳᠠᠭ᠃ ᠦᠨᠡᠨ ᠳ᠋ᠡᠬᠡᠨ ᠡᠪᠦᠯ ᠦᠨ ᠢᠳᠡᠬᠦ ᠨᠣᠭᠣᠭ᠎ᠠ ᠶ᠋ᠢ ᠰᠦᠯᠢᠶᠣᠣ ᠰᠠᠪᠠ ᠳ᠋ᠤ ᠬᠤᠷᠢᠶᠠᠨ ᠬᠠᠳᠠᠭᠠᠯᠠᠪᠠᠯ ᠬᠦᠮᠦᠨ ᠤ ᠪᠡᠶ᠎ᠡ ᠶ᠋ᠢᠨ ᠡᠷᠡᠭᠦᠯ ᠮᠡᠨᠳᠦ ᠳ᠋ᠦ ᠮᠠᠭᠤ ᠨᠦᠯᠦᠭᠡ ᠪᠣᠯᠵᠤ᠂ ᠰᠦᠯᠢᠶᠣᠣ ᠰᠠᠪᠠ ᠳ᠋ᠤ ᠶᠠᠮᠠᠷ ᠨᠢᠭᠡᠨ ᠵᠦᠢᠯ ᠦᠨ ᠢᠳᠡᠭᠡᠨ ᠢ ᠤᠳᠠᠭᠠᠨ ᠬᠠᠳᠠᠭᠠᠯᠠᠪᠠᠯ ᠦᠮᠡᠨ ᠤ ᠡᠰ ᠪᠣᠢ ᠪᠣᠯᠬᠤ ᠨᠢ ᠪᠣᠰᠣᠳ ᠵᠦᠢᠯ ᠦᠨ ᠰᠠᠪᠠ ᠡᠴᠠ ᠪᠦᠷ ᠦᠨᠳᠦᠷ ᠪᠠᠶᠢᠳᠠᠭ᠃ ᠡᠪᠦᠯ ᠢᠳᠡᠬᠦ ᠨᠣᠭᠣᠭ᠎ᠠ ᠶ᠋ᠢ ᠬᠠᠳᠠᠭᠠᠯᠠᠬᠤ ᠴᠠᠭ ᠨᠢ ᠤᠷᠲᠤ ᠪᠠᠶᠢᠳᠠᠭ ᠪᠣᠯᠬᠣᠷ ᠰᠦᠯᠢᠶᠣᠣ ᠰᠠᠪᠠ ᠳ᠋ᠤ ᠬᠢᠪᠡᠯ ᠬᠢᠮᠢ ᠶ᠋ᠢᠨ ᠤᠷᠪᠠᠯ ᠭᠠᠷᠴᠤ ᠬᠦᠮᠦᠨ ᠤ ᠪᠠᠶᠠᠨ ᠳ᠋ᠤ ᠠᠰᠢᠭ ᠦᠭᠡᠢ ᠪᠣᠳᠠᠰ ᠡᠭᠦᠰᠬᠡᠵᠦ ᠪᠠᠶᠢᠳᠠᠭ᠃ ᠨᠡᠩ ᠴᠦ ᠬᠡᠷᠪᠡ ᠪᠠᠷᠢᠮᠵᠢᠶ᠎ᠠ ᠳ᠋ᠤ ᠬᠦᠷᠦᠭᠰᠡᠨ ᠦᠭᠡᠢ ᠦᠢᠯᠡᠳᠪᠦᠷᠢᠯᠡᠭᠰᠡᠨ ᠰᠦᠯᠢᠶᠣᠣ ᠰᠠᠪᠠ ᠰᠠᠭᠤᠯᠭ᠎ᠠ ᠪᠣᠯ ᠬᠦᠮᠦᠨ ᠤ ᠪᠡᠶᠡᠨ ᠳ᠋ᠦ ᠦᠭᠬᠦ ᠬᠣᠣᠷ ᠨᠢ ᠨᠡᠩ ᠶᠡᠬᠡ ᠪᠠᠶᠢᠳᠠᠭ ᠪᠣᠯᠬᠣᠷ ᠨᠣᠭᠣᠭ᠎ᠠ ᠳᠠᠷᠤᠵᠤ ᠳᠠᠪᠤᠰᠤᠯᠠᠵᠤ ᠬᠠᠳᠠᠭᠠᠯᠠᠬᠤ ᠳ᠋ᠠᠭᠠᠨ ᠰᠦᠯᠢᠶᠣᠣ ᠰᠠᠪᠠ ᠰᠠᠭᠤᠯᠭ᠎ᠠ ᠪᠢᠲᠡᠬᠡᠢ ᠬᠡᠷᠡᠭᠯᠡᠭᠡᠷᠡᠢ᠃
ᠢᠷᠡᠯᠳᠡ᠄ ᠴᠢᠩᠭᠢᠰ ᠰᠦᠯᠵᠢᠶ᠎ᠡ ᠶ᠋ᠢᠨ ᠵᠣᠯᠠᠴᠢᠨᠬᠦᠦ ᠶ᠋ᠢᠨ ᠪᠦᠷᠭᠡ ᠡᠴᠡ ᠬᠠᠷᠢᠭᠤᠴᠠᠭᠰᠠᠨ ᠨᠠᠶᠢᠷᠠᠭᠤᠯᠤᠭᠴᠢ ᠄