ᠰᠢ ᠶ᠋ᠢᠨ ᠫᠢᠩ ᠠᠮᠸᠷᠢᠺᠠ ᠶ᠋ᠢᠨ ᠶᠡᠷᠤᠩᠬᠡᠢᠯᠡᠭᠴᠢ ᠲᠸᠷᠠᠮᠫ  ᠲᠠᠢ ᠬᠡᠯᠡᠯᠴᠡᠭᠡ ᠬᠢᠪᠡ

ᠤᠩᠰᠢᠭᠰᠠᠨ ᠤᠳᠠᠭ᠎ᠠ ᠄ 124    ᠨᠡᠶᠢᠳᠡᠯᠡᠭᠰᠡᠨ ᠴᠠᠭ ᠄ 2017-11-13

     ᠤᠯᠤᠰ ᠤᠨ ᠲᠡᠷᠢᠬᠦᠯᠡᠭᠴᠢ ᠰᠢ ᠶ᠋ᠢᠨ ᠫᠢᠩ 9 ᠤ ᠡᠳᠤᠷ ᠠᠷᠠᠳ ᠤᠨ ᠶᠡᠬᠡ ᠬᠤᠷᠠᠯ ᠤᠨ ᠲᠠᠩᠬᠢᠮ ᠳ᠋ᠤ ᠠᠮᠸᠷᠢᠺᠠ ᠶ᠋ᠢᠨ ᠶᠡᠷᠤᠩᠬᠡᠢᠯᠡᠭᠴᠢ ᠲᠸᠷᠠᠮᠫ ᠲᠠᠢ ᠬᠡᠯᠡᠯᠴᠡᠬᠡ ᠬᠢᠪᠡ᠃ ᠬᠤᠶᠠᠷ ᠤᠯᠤᠰ ᠤᠨ ᠲᠡᠷᠢᠬᠦᠨ ᠲᠤᠮᠳᠠᠳᠤ  ᠠᠮᠸᠷᠢᠺᠠ ᠶ᠋ᠢᠨ  ᠬᠠᠷᠢᠯᠴᠠᠭ᠎ᠠ ᠵᠢᠴᠢ ᠬᠠᠮᠳᠤᠪᠡᠷ ᠠᠩᠬᠠᠷᠴᠦ ᠪᠠᠢᠭ᠎ᠠ  ᠲᠡᠯᠡᠬᠡᠢ ᠶ᠋ᠢᠨ  ᠪᠠ  ᠭᠠᠵᠠᠷ  ᠤᠷᠤᠨ ᠤ  ᠴᠢᠬᠤᠯᠠ  ᠶᠡᠬᠡ  ᠠᠰᠠᠭᠤᠳᠠᠯ ᠤᠨ  ᠲᠤᠬᠠᠢ ᠰᠠᠨᠠᠯ ᠢᠶᠡᠨ ᠦᠷᠬᠡᠨ ᠲᠡᠯᠭᠡᠷ᠂  ᠭᠦᠨ  ᠬᠦᠨᠵᠡᠬᠡᠢ  ᠰᠤᠯᠢᠯᠴᠠᠪᠠ᠃  ᠨᠠᠮ ᠤᠨ  ᠲᠦᠪ  ᠬᠤᠷᠢᠶᠠᠨ ᠤ  ᠤᠯᠤᠰ  ᠲᠦᠷᠦ ᠶ᠋ᠢᠨ ᠲᠤᠪᠴᠢᠶᠠᠨ ᠤ ᠪᠠᠢᠩᠭᠤ ᠶ᠋ᠢᠨ ᠬᠡᠰᠢᠬᠦᠨ᠂ ᠲᠦᠷᠦ ᠶ᠋ᠢᠨ ᠶᠠᠪᠤᠳᠠᠯ ᠤᠨ ᠬᠤᠷᠢᠶᠠᠨ ᠤ ᠲᠡᠳ᠋  ᠶᠡᠷᠤᠩᠬᠡᠢ  ᠰᠠᠢᠳ  ᠸᠠᠩ  ᠶᠠᠩ ᠤᠷᠤᠯᠴᠠᠵᠠᠢ᠃    

     ᠬᠤᠶᠠᠷ ᠲᠠᠯ᠎ᠠ ᠪᠠᠷ ᠢᠶᠡᠨ ᠡᠨᠡ ᠵᠢᠯ ᠡᠴᠠ ᠨᠠᠰᠢ ᠲᠤᠮᠳᠠᠳᠤ ᠠᠮᠸᠷᠢᠺᠠ ᠶ᠋ᠢᠨ ᠬᠠᠷᠢᠯᠴᠠᠭ᠎ᠠ  ᠴᠢᠬᠤᠯᠠ  ᠠᠬᠢᠴᠠ ᠲᠠᠢ ᠪᠤᠯᠪᠠ᠃ ᠲᠤᠮᠳᠠᠳᠤ ᠠᠮᠸᠷᠢᠺᠠ ᠶ᠋ᠢᠨ ᠬᠠᠷᠢᠯᠴᠠᠭ᠎ᠠ ᠲᠤᠮᠳᠠᠳᠤ ᠠᠮᠸᠷᠢᠺᠠ  ᠬᠤᠶᠠᠷ  ᠤᠯᠤᠰ ᠤᠨ  ᠠᠷᠠᠳ  ᠲᠦᠮᠡᠨ ᠤ  ᠪᠤᠶᠠᠨ ᠵᠢᠷᠭᠠᠯ ᠲᠠᠢ  ᠬᠤᠯᠪᠤᠭᠳᠠᠬᠤ  ᠪᠦᠭᠡᠳ  ᠲᠡᠯᠡᠬᠡᠢ ᠶ᠋ᠢᠨ  ᠡᠩᠬᠡ   ᠲᠠᠢᠪᠤᠩ᠂ ᠲᠤᠭᠳᠠᠭᠤᠨ᠂  ᠬᠦᠭᠵᠢᠯ  ᠴᠡᠴᠡᠭᠯᠡᠯ ᠲᠠᠢ ᠬᠤᠯᠪᠤᠭᠳᠠᠨ᠎ᠠ᠃ ᠬᠠᠮᠳᠤᠷᠠᠯᠴᠠᠭ᠎ᠠ ᠬᠢᠬᠦ ᠪᠤᠯ ᠲᠤᠮᠳᠠᠳᠤ ᠠᠮᠸᠷᠢᠺᠠ ᠶ᠋ᠢᠨ  ᠴᠤᠷ ᠤᠨ  ᠭᠠᠭᠴᠠ  ᠵᠦᠪ  ᠰᠤᠩᠭᠤᠯᠳᠡ ᠮᠥᠨ᠂ ᠬᠠᠮᠳᠤᠪᠡᠷ ᠠᠰᠢᠬ ᠬᠦᠷᠳᠡᠪᠡᠯ ᠰᠠᠶᠢ ᠨᠡᠩ ᠰᠠᠢᠨ ᠰᠠᠢᠬᠠᠨ ᠢᠷᠡᠬᠡᠳᠤᠢ ᠲᠡᠰᠢ ᠤᠷᠤᠭᠰᠢᠯᠠᠵᠥ ᠴᠢᠳᠠᠨ᠎ᠠ ᠬᠡᠵᠥ ᠦᠵᠡᠪᠡ᠃    

      ᠬᠤᠶᠠᠷ ᠲᠠᠯ᠎ᠠ ᠪᠠᠷ ᠢᠶᠡᠨ ᠤᠯᠤᠰ ᠤᠨ ᠲᠡᠷᠢᠬᠦᠨ  ᠤ ᠭᠠᠳᠠᠭᠠᠳᠤ ᠬᠠᠷᠢᠯᠴᠠᠭ᠎ᠠ ᠶ᠋ᠢᠨ ᠬᠤᠶᠠᠷ ᠤᠯᠤᠰ ᠤᠨ ᠬᠠᠷᠢᠯᠴᠠᠭ᠎ᠠ ᠳ᠋ᠤ ᠦᠵᠡᠬᠦᠯᠬᠦ  ᠪᠠᠢᠯᠳᠤᠬᠤ  ᠪᠤᠳᠤᠯᠭ᠎ᠠ ᠶ᠋ᠢᠨ ᠬᠦᠳᠦᠯᠥᠨ ᠲᠠᠭᠠᠭᠤᠯᠬᠤ ᠦᠢᠯᠡᠳᠦᠯ ᠢ   ᠦᠷᠬᠦᠯᠵᠢᠯᠡᠨ ᠪᠠᠳᠠᠷᠠᠭᠤᠯᠵᠥ᠂ ᠬᠤᠶᠠᠷ ᠤᠯᠤᠰ ᠤᠨ ᠲᠡᠬᠡᠳᠤ ᠲᠠᠪᠬᠤᠷᠭ᠎ᠠ ᠵᠢᠴᠢ ᠡᠯ᠎ᠡ ᠲᠠᠪᠬᠤᠷᠭ᠎ᠠ ᠶ᠋ᠢᠨ ᠶᠠᠪᠤᠯᠴᠠᠭ᠎ᠠ ᠶ᠋ᠢ ᠴᠢᠩᠭᠠᠳᠬᠠᠵᠥ᠂ 4 ᠲᠡᠬᠡᠳᠤ ᠲᠡᠰ ᠤᠨ ᠶᠠᠷᠢᠯᠴᠠᠭ᠎ᠠ ᠶ᠋ᠢᠨ ᠲᠤᠭᠳᠠᠴᠠ ᠶ᠋ᠢᠨ ᠦᠢᠯᠡᠳᠦᠯ ᠢ ᠬᠦᠢᠴᠡᠳ ᠪᠠᠳᠠᠷᠠᠭᠤᠯᠵᠥ᠂ ᠠᠵᠥ ᠠᠬᠤᠢ ᠠᠷᠠᠯᠵᠢᠶ᠎ᠠ᠂ ᠬᠤᠶᠠᠷ ᠤᠯᠤᠰ ᠤᠨ  ᠴᠡᠷᠢᠭ᠂ ᠬᠠᠤᠯᠢ  ᠬᠡᠷᠡᠭᠵᠢᠬᠦᠯᠥᠯᠳᠡ᠂ ᠰᠤᠶᠤᠯ ᠢᠷᠬᠡᠨᠰᠢᠯ ᠵᠡᠷᠬᠡ ᠬᠦᠷᠢᠶᠡᠨ ᠤ ᠰᠤᠯᠢᠯᠴᠠᠭ᠎ᠠ ᠬᠠᠮᠳᠤᠷᠠᠯᠴᠠᠭ᠎ᠠ ᠪᠠᠨ ᠦᠷᠬᠡᠳᠭᠡᠵᠥ᠂ ᠲᠡᠯᠡᠬᠡᠢ ᠶ᠋ᠢᠨ ᠪᠡ ᠭᠠᠵᠠᠷ ᠤᠷᠤᠨ ᠤ ᠴᠢᠬᠤᠯᠠ ᠶᠡᠬᠡ ᠠᠰᠠᠭᠤᠳᠠᠯ ᠤᠨ  ᠲᠠᠯ᠎ᠠ ᠪᠠᠷ ᠬᠢ ᠨᠡᠪᠳᠡᠷᠡᠯᠴᠡᠭᠡ ᠪᠤᠯᠤᠨ ᠵᠤᠬᠢᠴᠠᠭᠤᠯᠭ᠎ᠠ ᠪᠠᠨ  ᠴᠢᠩᠭᠠᠳᠬᠠᠵᠥ᠂  ᠲᠤᠮᠳᠠᠳᠤ ᠠᠮᠸᠷᠢᠺᠠ ᠶ᠋ᠢᠨ ᠬᠠᠷᠢᠯᠴᠠᠭ᠎ᠠ ᠶ᠋ᠢᠨ  ᠨᠡᠩ ᠶᠡᠬᠡ ᠬᠦᠭᠵᠢᠯᠳᠡ ᠲᠠᠢ ᠪᠤᠯᠬᠤ ᠶ᠋ᠢ ᠠᠬᠢᠭᠤᠯᠬᠤ ᠪᠠᠷ ᠵᠦᠪᠰᠢᠶᠡᠷᠡᠪᠡ᠃        

      ᠰᠢ ᠶ᠋ᠢᠨ ᠫᠢᠩ᠂ ᠲᠤᠮᠳᠠᠳᠤ ᠠᠮᠸᠷᠢᠺᠠ ᠶ᠋ᠢᠨ ᠬᠠᠷᠢᠯᠴᠠᠭ᠎ᠠ ᠤᠳᠤ  ᠶᠠᠭ ᠰᠢᠨ᠎ᠡ ᠲᠡᠤᠬᠡ ᠶ᠋ᠢᠨ ᠭᠠᠷᠤᠭ᠎ᠠ  ᠲᠡᠭᠡᠷ᠎ᠡ ᠤᠷᠤᠰᠢᠵᠤ ᠪᠠᠢᠨ᠎ᠠ᠃ ᠲᠤᠮᠳᠠᠳᠤ ᠤᠯᠤᠰ ᠲᠤᠷᠠᠳᠠᠶ᠎ᠠ ᠠᠮᠸᠷᠢᠺᠠ ᠶ᠋ᠢᠨ ᠬᠢᠨ ᠲᠠᠢ  ᠬᠠᠮᠳᠤᠪᠡᠷ᠂  ᠬᠠᠷᠢᠯᠴᠠᠨ  ᠬᠦᠨᠳᠦᠳᠭᠡᠵᠥ᠂ ᠬᠠᠷᠢᠯᠴᠠᠨ ᠠᠰᠢᠬ ᠬᠦᠷᠳᠡᠬᠡᠵᠥ᠂ ᠬᠠᠮᠳᠤᠷᠠᠯᠴᠠᠭ᠎ᠠ ᠬᠢᠬᠦ ᠲᠡᠭᠡᠷ᠎ᠡ ᠬᠦᠴᠦᠯᠡᠨ᠂ ᠵᠦᠷᠢᠯᠳᠦᠬᠡᠨ ᠢᠶᠡᠨ ᠬᠠᠮᠢᠶᠠᠷᠤᠨ  ᠡᠵᠡᠮᠳᠡᠵᠥ᠂ ᠬᠤᠶᠠᠷ ᠤᠯᠤᠰ ᠤᠨ ᠠᠷᠠᠳ ᠲᠦᠮᠡᠨ ᠢ ᠨᠡᠩ ᠤᠯᠠᠨ ᠬᠦᠷᠳᠡᠮᠵᠢ ᠶ᠋ᠢᠨ ᠲᠦᠷᠦᠭᠳᠡᠯ ᠲᠠᠢ  ᠪᠤᠯᠭᠠᠵᠥ᠂ ᠭᠠᠵᠠᠷ  ᠤᠷᠤᠨ  ᠵᠢᠴᠢ ᠲᠡᠯᠡᠬᠡᠢ ᠶ᠋ᠢᠨ ᠠᠷᠠᠳ ᠲᠦᠮᠡᠨ ᠢ ᠨᠡᠩ ᠤᠯᠠᠨ ᠬᠦᠷᠳᠡᠮᠵᠢ ᠶ᠋ᠢᠨ ᠲᠦᠷᠦᠭᠳᠡᠯ ᠲᠠᠢ ᠪᠤᠯᠭᠠᠨ᠎ᠠ ᠬᠡᠵᠥ ᠴᠢᠬᠤᠯᠠᠴᠢᠯᠠᠪᠠ᠃      

       ᠲᠸᠷᠠᠮᠫ᠂ ᠠᠮᠸᠷᠢᠺᠠ  ᠲᠤᠮᠳᠠᠳᠤ ᠶ᠋ᠢᠨ ᠬᠠᠷᠢᠯᠴᠠᠭ᠎ᠠ ᠪᠤᠯ ᠠᠭᠤᠤ ᠶᠡᠬᠡ ᠬᠠᠷᠢᠯᠴᠠᠭ᠎ᠠ  ᠮᠥᠨ᠂ ᠠᠮᠸᠷᠢᠺᠠ ᠲᠤᠮᠳᠠᠳᠤ ᠶ᠋ᠢᠨ ᠬᠠᠮᠳᠤᠷᠠᠯᠴᠠᠭ᠎ᠠ ᠨᠢ ᠬᠤᠶᠠᠷ ᠤᠯᠤᠰ ᠤᠨ ᠦᠨᠳᠦᠰᠦᠨ ᠠᠰᠢᠬ ᠲᠤᠰᠠ ᠲᠠᠢ ᠨᠡᠢᠴᠡᠵᠥ᠂  ᠤᠳᠤᠬᠠᠨ ᠤ ᠲᠡᠯᠡᠬᠡᠢ ᠶ᠋ᠢᠨ ᠴᠢᠬᠤᠯᠠ ᠶᠡᠬᠡ ᠠᠰᠠᠭᠤᠳᠠᠯ ᠢ ᠰᠢᠢᠳᠪᠤᠷᠢᠯᠡᠬᠦ ᠳ᠋ᠤ ᠲᠤᠢᠯ ᠤᠨ ᠴᠢᠬᠤᠯᠠ ᠶᠤᠮ᠃ ᠪᠢ ᠲᠤᠷᠠᠳᠠᠶ᠎ᠠ ᠲᠡᠷᠢᠬᠦᠯᠡᠭᠴᠢ ᠰᠢ ᠶ᠋ᠢᠨ ᠫᠢᠩ ᠲᠠᠢ ᠦᠷᠬᠦᠯᠵᠢᠯᠡᠨ ᠨᠢᠬᠳᠠ ᠨᠡᠪᠳᠡᠷᠡᠯᠴᠡᠵᠥ᠂ ᠠᠮᠸᠷᠢᠺᠠ  ᠲᠤᠮᠳᠠᠳᠤ ᠶ᠋ᠢᠨ ᠬᠠᠷᠢᠯᠴᠠᠭ᠎ᠠ ᠶ᠋ᠢᠨ  ᠬᠦᠨᠵᠡᠬᠡᠢᠷᠡᠨ ᠬᠦᠭᠵᠢᠬᠦ ᠶ᠋ᠢ ᠠᠬᠢᠭᠤᠯᠵᠥ᠂ ᠬᠤᠶᠠᠷ ᠤᠯᠤᠰ ᠤᠨ ᠲᠡᠯᠡᠬᠡᠢ ᠶ᠋ᠢᠨ ᠬᠡᠷᠡᠭ ᠶᠠᠪᠤᠳᠠᠯ ᠲᠤᠮᠳᠡ ᠨᠡᠩ ᠨᠢᠬᠳᠠ ᠬᠠᠮᠳᠤᠷᠠᠯᠴᠠᠬᠤ ᠶ᠋ᠢ ᠠᠬᠢᠭᠤᠯᠤᠨ᠎ᠡ ᠬᠡᠵᠥ ᠢᠯᠡᠳᠬᠡᠪᠡ᠃      

      ᠬᠤᠶᠠᠷ ᠤᠯᠤᠰ ᠤᠨ ᠲᠡᠷᠢᠬᠦᠨ ᠲᠤᠮᠳᠠᠳᠤ ᠠᠮᠸᠷᠢᠺᠠ ᠶ᠋ᠢᠨ ᠭᠠᠳᠠᠭᠠᠳᠤ ᠬᠠᠷᠢᠯᠴᠠᠭᠠᠨ ᠤ ᠠᠮᠤᠷ  ᠲᠦᠪᠰᠢᠨ ᠤ ᠶᠠᠷᠢᠯᠴᠠᠭ᠎ᠠ᠂ ᠪᠦᠬᠦ ᠲᠠᠯ᠎ᠠ ᠶ᠋ᠢᠨ ᠠᠵᠥ ᠠᠬᠤᠢ ᠶ᠋ᠢᠨ ᠶᠠᠷᠢᠯᠴᠠᠭ᠎ᠠ᠂ ᠨᠡᠢᠬᠡᠮ  ᠪᠤᠯᠤᠨ  ᠰᠤᠶᠤᠯ  ᠢᠷᠬᠡᠨᠰᠢᠯ ᠤᠨ ᠶᠠᠷᠢᠯᠴᠠᠭ᠎ᠠ᠂ ᠬᠠᠤᠯᠢ ᠬᠡᠷᠡᠭᠵᠢᠬᠦᠯᠥᠯᠳᠡ ᠵᠢᠴᠢ ᠰᠦᠯᠵᠢᠶᠡᠨ ᠤ ᠠᠮᠤᠷ ᠲᠦᠪᠰᠢᠨ ᠤ  ᠶᠠᠷᠢᠯᠴᠠᠭ᠎ᠠ ᠵᠡᠷᠬᠡ 4 ᠲᠡᠬᠡᠳᠤ ᠲᠡᠰ ᠤᠨ ᠶᠠᠷᠢᠯᠴᠠᠭ᠎ᠠ ᠶ᠋ᠢᠨ ᠲᠤᠭᠳᠠᠴᠠ ᠶ᠋ᠢᠨ ᠬᠤᠶᠠᠷ ᠲᠠᠯ᠎ᠠ ᠶ᠋ᠢᠨ ᠲᠠᠭᠠᠭᠤᠯᠤᠭᠴᠢ ᠬᠦᠮᠦᠨ ᠪ ᠬᠠᠷᠢᠭᠤ ᠮᠡᠳᠡᠬᠦᠯᠥᠯᠳᠡ ᠶ᠋ᠢ ᠰᠤᠨᠤᠰᠤᠭᠰᠠᠠ ᠪᠦᠭᠡᠳ ᠲᠤᠮᠳᠠᠳᠤ ᠠᠮᠸᠷᠢᠺᠠ ᠶ᠋ᠢᠨ  ᠡᠯ᠎ᠡ ᠬᠦᠷᠢᠶᠡᠨ ᠤ ᠰᠤᠯᠢᠯᠴᠠᠭ᠎ᠠ ᠬᠠᠮᠳᠤᠷᠠᠯᠴᠠᠭ᠎ᠠ ᠶ᠋ᠢ ᠬᠦᠨᠵᠡᠬᠡᠢᠷᠡᠬᠦᠯᠬᠦ ᠲᠤᠬᠠᠢ ᠵᠢᠯᠤᠭᠤᠳᠤᠮᠵᠢ ᠶ᠋ᠢᠨ ᠴᠢᠨᠠᠷᠳᠠᠢ ᠰᠠᠨᠠᠯ ᠲᠤᠷᠠᠳᠴᠠᠢ᠃

ᠢᠷᠡᠯᠳᠡ᠄ ᠠᠷᠠᠳ ᠤᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄