ᠲᠠᠯᠠᠬᠡᠢ ᠶᠢᠨ ᠡᠷᠡᠬᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ᠄ ᠶᠠᠮᠠᠷ ᠶᠠᠮᠠᠷ ᠢᠳᠡᠬᠡᠨ ᠢ ᠬᠠᠮᠤᠭ ᠤᠨ ᠰᠠᠶᠢᠨ ᠢᠳᠡᠬᠡᠨ ᠬᠡᠵᠤ ᠳᠤᠭᠳᠠᠭᠠᠭᠰᠠᠠ ᠪᠤᠢ

ᠤᠩᠰᠢᠭᠰᠠᠨ ᠤᠳᠠᠭ᠎ᠠ ᠄ 1736    ᠨᠡᠶᠢᠳᠡᠯᠡᠭᠰᠡᠨ ᠴᠠᠭ ᠄ 2017-06-08

ᠢᠳᠡᠰᠢᠨ ᠨᠤᠭᠤᠭ᠎ᠠ᠄ ᠠᠮᠳᠠᠯᠢᠬ ᠳᠦᠮᠤᠰᠤᠨ ᠳᠤ ᠸᠢᠲ᠋ᠠᠮᠢᠨ ᠡᠯᠪᠡᠭ ᠠᠭᠤᠯᠤᠭᠳᠠᠵᠤ ᠪᠠᠶᠢᠬᠤ ᠮᠦᠷᠳᠡᠬᠡᠨ ᠦᠮᠡᠨ ᠢ ᠡᠰᠡᠷᠬᠦᠴᠡᠬᠦ ᠤᠬᠢ ᠰᠠᠶᠢᠨ ᠢᠳᠡᠬᠡᠨ ᠮᠦᠨ᠂ ᠢᠢᠮᠤ ᠠᠴᠠ ᠢᠳᠡᠰᠢᠨ ᠨᠤᠭᠤᠭᠠᠨ ᠤ ᠲᠠᠷᠢᠬᠦᠨ ᠳᠤ ᠵᠢᠭᠰᠠᠭᠠᠭᠳᠠᠪᠠ᠃ ᠲᠠᠷᠠᠭᠠᠯᠠᠪᠠᠯ ᠬᠤᠯᠤᠰᠤᠨ ᠰᠦᠶ᠎ᠠ᠂ ᠤᠷᠢᠶᠠᠮᠠᠯ ᠭᠤᠤᠯ ᠲᠠᠢ ᠨᠤᠭᠤᠭ᠎ᠠ᠂ ᠴᠤᠭᠤᠷ ᠨᠤᠭᠤᠭ᠎ᠠ᠂ ᠬᠠᠰᠢ᠂ ᠰᠢᠬᠢᠷ ᠯᠤᠤᠪᠠᠩ᠂ ᠬᠤᠯᠤᠤᠪᠠᠩ᠂ ᠠᠪᠤᠭ᠎ᠠ ᠨᠤᠭᠤᠭ᠎ᠠ᠂ ᠪᠦᠬᠡᠷᠡᠩᠬᠡᠢ ᠴᠠᠭᠠᠨ ᠨᠤᠭᠤᠭ᠎ᠠ᠂ ᠰᠢᠷ᠎ᠠ ᠴᠡᠴᠡᠭᠳᠦ ᠮᠦᠬᠦ᠂ ᠮᠠᠨᠵᠢᠨ ᠤ ᠨᠠᠪᠴᠢ᠂ ᠴᠠᠭᠠᠨ ᠨᠤᠭᠤᠭ᠎ᠠ ᠪᠤᠢ᠃


      ᠱᠦᠯᠤ᠄ ᠲᠠᠬᠢᠶᠠᠨ ᠱᠦᠯᠤ ᠬᠠᠮᠤᠭ ᠰᠠᠶᠢᠨ᠂ ᠤᠨᠴᠠᠭᠠᠢᠢᠯᠠᠨ ᠡᠮᠡᠭᠴᠢᠨ ᠲᠠᠬᠢᠶᠠᠨ ᠤ ᠱᠦᠯᠤ ᠪᠠᠰᠠ ᠬᠢᠮᠤᠷᠠᠭ᠎ᠠ᠂ ᠰᠠᠯᠪᠤᠷᠢ ᠮᠦᠬᠡᠷᠰᠤᠨ ᠬᠤᠭᠤᠯᠠᠢ ᠶᠢᠨ ᠦᠷᠪᠢᠰᠤᠯ ᠢ ᠰᠠᠷᠬᠡᠶᠢᠯᠡᠨ ᠵᠠᠰᠠᠬᠤ ᠤᠢᠢᠯᠠᠳᠤᠯ ᠲᠠᠢ᠃ ᠤᠨᠴᠠᠭᠠᠢᠢᠯᠠᠨ ᠡᠪᠤᠯ ᠬᠠᠪᠤᠷ ᠤᠨ ᠤᠯᠠᠷᠢᠯ ᠳᠤ ᠤᠤᠭᠤᠬᠤ ᠳᠤ ᠳᠤᠬᠢᠷᠠᠮᠵᠢᠳᠠᠢ᠃


      ᠮᠢᠬᠠᠨ ᠢᠳᠡᠬᠡᠨ᠄ ᠭᠠᠯᠠᠭᠤ ᠨᠤᠭᠤᠰᠤᠨ ᠤ ᠮᠢᠬᠠᠨ ᠤ ᠬᠢᠮᠢ ᠶᠢᠨ ᠪᠦᠳᠤᠴᠠ ᠨᠢ ᠨᠠᠩᠬᠢᠶᠠᠳ ᠭᠠᠷᠤᠷ᠎ᠠ ᠶᠢᠨ ᠳᠤᠰᠤ ᠲᠠᠢ ᠤᠢᠢᠷᠠᠯᠴᠠᠭ᠎ᠠ ᠪᠠᠶᠢᠵᠤ᠂ ᠵᠢᠷᠤᠬᠡᠨ ᠳᠤ ᠰᠠᠶᠢᠨ᠃ ᠲᠠᠬᠢᠶᠠᠨ ᠮᠢᠬ᠎ᠠ ᠬᠠᠷᠢᠨ ᠤᠭᠤᠷᠠᠭ ᠤᠨ ᠬᠠᠮᠤᠭ ᠰᠠᠶᠢᠨ ᠢᠷᠠᠯᠳᠠ ᠪᠢᠯᠠ᠃


      ᠢᠳᠡᠰᠢᠨ ᠳᠤᠰᠤ᠄ ᠡᠷᠳᠡᠨᠢ ᠰᠢᠰᠢ ᠶᠢᠨ ᠳᠤᠰᠤ᠂ ᠠᠭ᠎ᠠ ᠶᠢᠨ ᠳᠤᠰᠤ᠂ ᠮᠠᠭᠠᠵᠢ ᠶᠢᠨ ᠳᠤᠰᠤ ᠪᠤᠯᠤᠨ᠎ᠠ᠃ ᠤᠷᠭᠤᠮᠠᠯ ᠤᠨ ᠳᠤᠰᠤ ᠬᠢᠬᠡᠳ ᠠᠮᠢᠳᠠᠨ ᠤ ᠳᠤᠰᠤ ᠶᠢ 1᠄ 0.5 ᠶᠢᠨ ᠬᠠᠷᠢᠴᠠᠯ ᠢᠶᠠᠷ ᠳᠤᠬᠢᠷᠠᠭᠤᠯᠵᠤ ᠢᠳᠡᠪᠡᠯ ᠨᠠᠩ ᠰᠠᠶᠢᠨ᠃


      ᠲᠠᠷᠢᠬᠢ ᠬᠠᠮᠠᠭᠠᠯᠠᠬᠤ ᠢᠳᠡᠬᠡᠨ᠄ ᠦᠷᠬᠡᠰᠦᠳᠦ ᠨᠤᠭᠤᠭ᠎ᠠ᠂ ᠭᠤᠭᠤᠳ᠂ ᠯᠠᠩᠭᠤᠸᠠ᠂ ᠰᠤᠩᠬᠢᠨ᠎ᠠ᠂ ᠴᠤᠭᠤᠷ ᠨᠤᠭᠤᠭ᠎ᠠ᠂ ᠴᠢᠨᠵᠤᠤ᠂ ᠸᠠᠨᠳ᠋ᠸᠤ᠂ ᠲᠦᠪᠡᠳ ᠬᠠᠰᠢ᠂ ᠬᠤᠯᠤᠤᠪᠠᠩ᠂ ᠰᠠᠷᠢᠮᠰᠠᠭ ᠤᠨ ᠴᠢᠬᠢ ᠮᠡᠳᠤ ᠶᠢᠨ ᠢᠳᠡᠰᠢᠨ ᠨᠤᠭᠤᠭ᠎ᠠ᠂ ᠬᠤᠰᠢᠭ᠎ᠠ᠂ ᠬᠤᠸᠠᠱᠧᠩ᠂ ᠰᠠᠮᠤᠷ᠂ ᠬᠦᠢᠯᠡᠰᠤᠨ ᠴᠦᠮ᠎ᠠ᠂ ᠰᠢᠷ᠎ᠠ ᠪᠤᠷᠴᠠᠭ ᠮᠠᠳᠤ ᠶᠢᠨ ᠬᠠᠯᠢᠰᠤᠯᠢᠬ ᠲᠦᠷᠤᠯ ᠤᠨ ᠢᠳᠡᠬᠡᠨ ᠵᠢᠴᠢ ᠠᠯᠠᠰᠢ ᠪᠤᠳᠠᠭ᠎ᠠ᠂ ᠭᠠᠭ᠋ᠠᠢ ᠶᠢᠨ ᠡᠯᠢᠬᠡ ᠵᠡᠷᠬᠡ ᠪᠤᠢ᠃


      ᠵᠢᠮᠢᠰ᠄ ᠭᠠᠳᠢᠷ᠎ᠠ ᠵᠢᠮᠢᠰ᠂ ᠬᠦᠵᠡᠯᠵᠡᠬᠡᠨ᠎ᠠ᠂ ᠵᠦᠷᠵᠢ᠂ ᠪᠠᠷᠰᠠᠤᠳᠤ ᠵᠦᠷᠵᠢ᠂ ᠲᠤᠰᠢᠯᠤᠭ᠂ ᠠᠪᠠᠷᠠᠢ᠂ ᠬᠦᠢᠯᠡᠰᠤ᠂ ᠱᠠᠪᠳᠠᠯ᠎ᠠ ᠬᠢᠬᠡᠳ ᠲᠠᠷᠪᠤᠰ ᠪᠤᠢ᠃

ᠢᠷᠡᠯᠳᠡ᠄ ᠳᠤᠮᠳᠠᠳᠤ ᠤᠯᠤᠰ ᠤᠨ ᠮᠣᠩᠭᠣᠯ ᠬᠡᠯᠡᠨ ᠦ ᠰᠣᠨᠢᠨ ᠮᠡᠳᠡᠭᠡ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄