ᠤᠷᠠᠨ᠎ᠠ ᠪᠠᠭᠰᠢ ᠶ᠋ᠢᠨ ᠲᠡᠬᠦᠰᠬᠦ ᠣᠶᠣᠲᠠᠳ ‍ᠤᠨ 《 ᠰᠡᠳᠬᠢᠯ ‍ᠤᠨ ᠡᠭᠡᠰᠢᠭ 》 ᠳᠠᠶᠢᠯᠤᠨ ᠲᠣᠭᠯᠠᠯᠲᠠ ᠠᠮᠵᠢᠯᠲᠠ ᠲᠠᠢ ᠶᠠᠪᠤᠭᠳᠠᠯ᠎ᠠ

ᠤᠩᠰᠢᠭᠰᠠᠨ ᠤᠳᠠᠭ᠎ᠠ ᠄ 2858    ᠨᠡᠶᠢᠳᠡᠯᠡᠭᠰᠡᠨ ᠴᠠᠭ ᠄ 2017-06-08


2017 ᠣᠨ ‍ᠤ 6 ᠰᠠᠷ᠎ᠠ ᠶ᠋ᠢᠨ 6 ‍ᠤ ᠦᠳᠡᠰᠢ᠂ ᠬᠦᠬᠡᠬᠣᠲᠠ ᠦᠨᠳᠦᠰᠦᠲᠡᠨ ‍ᠤ ᠳᠡᠭᠡᠳᠦ ᠰᠣᠷᠭᠠᠭᠤᠯᠢ ᠶ᠋ᠢᠨ ᠤᠷᠠᠯᠢᠭ ‍ᠤᠨ ᠰᠠᠯᠪᠤᠷᠢ ᠶ᠋ᠢᠨ ᠤᠷᠠᠨ᠎ᠠ ᠪᠠᠭᠰᠢ ᠶ᠋ᠢᠨ ᠲᠡᠬᠦᠰᠬᠦ ᠣᠶᠣᠲᠠᠳ ‍ᠤᠨ 《 ᠰᠡᠳᠬᠢᠯ ‍ᠤᠨ ᠡᠭᠡᠰᠢᠭ 》 ᠳᠠᠶᠢᠯᠤᠨ ᠲᠣᠭᠯᠠᠯᠲᠠ ᠬᠦᠬᠡᠬᠣᠲᠠ ᠦᠨᠳᠦᠰᠦᠲᠡᠨ ‍ᠤ ᠳᠡᠭᠡᠳᠦ ᠰᠣᠷᠭᠠᠭᠤᠯᠢ ᠶ᠋ᠢᠨ ᠰᠢᠩᠭᠡᠭᠡᠨ ᠨᠡᠪᠲᠡᠷᠡᠬᠦᠯᠬᠦ ᠲᠢᠩᠬᠢᠮ ᠳ᠋ᠤ ᠠᠮᠵᠢᠯᠲᠠ ᠲᠠᠢ ᠶᠠᠪᠤᠭᠳᠠᠯ᠎ᠠ᠃

ᠲᠣᠭᠯᠠᠯᠲᠠ ᠳ᠋ᠤ ᠤᠷᠠᠨ᠎ᠠ ᠪᠠᠭᠰᠢ ᠶ᠋ᠢᠨ ᠬᠠᠶᠢᠷᠠᠲᠠᠢ ᠪᠠᠭᠰᠢ ᠨᠠᠷᠠᠨᠴᠢᠮᠡᠭ ᠨᠢ᠂ ᠬᠠᠮᠲᠤ ᠠᠵᠢᠯᠯᠠᠭᠰᠠᠳ ᠨᠢ᠂ ᠨᠠᠶᠢᠵᠠ ᠨᠥᠬᠦᠳ ᠨᠢ ᠬᠢᠭᠡᠳ ᠲᠡᠭᠦᠰᠬᠦ ᠣᠶᠣᠲᠠᠳ ‍ᠤᠨ ᠬᠢᠨ ᠭᠡᠷ ‍ᠤᠨ ᠠᠬᠠᠮᠠᠳ᠂ ᠰᠣᠷᠭᠠᠭᠤᠯᠢ ᠶ᠋ᠢᠨ ᠠᠨᠳᠠ ᠨᠣᠭᠣᠳ ᠨᠢ ᠮᠣᠷᠢᠯᠠᠨ ᠰᠠᠭᠠᠲᠠᠵᠤ᠂ ᠬᠦᠷ ᠨᠡᠮᠡᠨ ᠬᠦᠭᠵᠢᠶᠡᠨ ᠪᠡᠯᠡᠭᠯᠡᠭᠰᠡᠨ ᠪᠠᠶᠢᠨ᠎ᠠ᠃ ᠮᠥᠨ ᠴᠦ ᠣᠳᠠᠯ ᠦᠭᠡᠢ ᠰᠣᠷᠭᠠᠭᠤᠯᠢ ᠶ᠋ᠢᠨ ᠬᠦᠷᠢᠶ᠎ᠡ ᠪᠠᠨ ᠣᠷᠬᠢᠵᠤ᠂ ᠰᠣᠷᠣᠭᠴᠢ ᠶ᠋ᠢᠨ ᠠᠮᠢᠳᠤᠷᠠᠯ ᠢᠶᠡᠨ ᠲᠡᠭᠦᠰᠬᠡᠨ᠂ ᠰᠢᠨ᠎ᠡ ᠨᠢᠭᠡᠨ ᠦᠢᠯᠡᠰ ‍ᠤᠨ ᠬᠠᠷᠭᠤᠢ ᠵᠦᠭ ᠲᠡᠮᠡᠦᠯᠡᠬᠦ ᠪᠠᠷ ᠪᠠᠶᠢᠭ᠎ᠠ ᠤᠷᠠᠯᠢᠭ ‍ᠤᠨ ᠵᠠᠯᠠᠭᠤᠰ ᠲᠤ ᠪᠠᠨ ᠢᠲᠡᠭᠡᠯ ᠵᠣᠷᠢᠭ᠂ ᠤᠷᠮ᠎ᠠ ᠪᠠᠬ᠎ᠠ ᠬᠠᠶᠢᠷᠠᠯᠠᠵᠠᠭᠠᠭᠰᠠᠨ ᠪᠠᠶᠢᠨ᠎ᠠ᠃

ᠪᠣᠷᠣᠭᠠᠨ ᠬᠣᠷ᠎ᠠ ᠶ᠋ᠢᠨ ᠳᠠᠯᠠᠯᠭ᠎ᠠ ᠲᠠᠢ᠂ ᠪᠦᠭᠦᠳᠡ ᠣᠯᠠᠨ ‍ᠤ ᠪᠠᠬᠠᠷᠬᠠᠯ ᠲᠠᠢ᠂ ᠪᠤᠷᠬᠠᠨ ᠰᠡᠳᠬᠢᠯ ‍ᠤᠨ ᠰᠢᠪᠡᠨᠡᠭᠡ ᠲᠠᠢ᠂ ᠪᠣᠶᠠᠨᠰᠠᠭ ᠣᠯᠠᠨ ‍ᠤ ᠮᠡᠨᠳᠦᠴᠢᠯᠡᠭᠡ ᠲᠠᠢ ᠡᠨᠡ ᠰᠠᠶᠢᠠᠬᠨ ᠦᠳᠡᠰᠢ ᠶ᠋ᠢᠨ ᠪᠣᠯᠵᠣᠭ᠎ᠠ ᠪᠠᠷ ᠴᠠᠭᠠᠵᠠᠨ᠎ᠠ᠂ ᠲᠡᠷᠢᠬᠦᠨ᠂ ᠳᠠᠪᠰᠢᠯᠲᠤ᠂ ᠴᠣᠯᠮᠣᠠᠭᠡᠷᠡᠯ᠂ ᠴᠡᠯᠡᠭᠡᠷ᠂ ᠣᠨᠳᠣᠷᠣᠭ᠎ᠠ ᠵᠡᠷᠭᠡ ᠵᠢᠷᠭᠤᠭᠠᠨ ᠣᠶᠣᠲᠠᠨ ᠢᠶᠡᠨ ᠡᠷᠳᠡᠮ ‍ᠤᠨ ᠣᠷᠬᠢᠯ ᠳ᠋ᠤ ᠬᠦᠲᠦᠯᠵᠦ᠂ ᠣᠷᠠᠯᠢᠭ ‍ᠤᠨ ᠵᠠᠮ ᠳ᠋ᠤ ᠰᠢᠭᠤᠳᠤᠭᠤᠯᠤᠨ᠂ ᠬᠡᠦᠬᠡᠳ ᠲᠡᠭᠦᠨᠡᠷ᠂ ᠬᠦᠬᠡᠷᠦᠬᠦᠨ ᠣᠶᠣᠲᠠᠳ ᠢᠶᠡᠨ ᠭᠡᠵᠦ ᠲᠢᠩᠬᠢᠮ ‍ᠤᠨ ᠳᠣᠲᠣᠨ᠎ᠠ ᠭᠠᠳᠠᠨ᠎ᠠ᠂ ᠲᠠᠶᠢᠰᠠᠨ ‍ᠤ ᠡᠮᠦᠨ᠎ᠡ ᠬᠣᠶᠢᠨ᠎ᠠ ᠴᠢᠷᠮᠠᠶᠢᠨ ᠵᠢᠳᠬᠦᠵᠦ ᠶᠠᠪᠤᠭᠰᠠᠨ ᠤᠷᠠᠨ᠎ᠠ ᠪᠠᠭᠰᠢ ᠮᠠᠨᠢ ᠬᠠᠮᠤᠭ ‍ᠤᠨ ᠳᠡᠭᠡᠳᠦ ᠢᠷᠥᠭᠡᠯ ᠵᠦᠩᠨᠡᠯ ᠢᠶᠠᠷ ᠢᠶᠡᠨ ᠣᠶᠣᠲᠠᠳ ᠢᠶᠠᠨ ᠴᠢᠮᠡᠵᠦ᠂ ᠣᠷᠠᠯᠢᠭ ‍ᠤᠨ ᠢᠷᠡᠭᠡᠳᠦᠢ ᠳ᠋ᠤ ᠪᠠᠨ ᠬᠡᠵᠢᠶᠡᠳᠡ ᠮᠠᠨᠳᠣᠨ ᠪᠠᠳᠠᠷᠠᠵᠤ ᠶᠠᠪᠤᠬᠤ ᠶ᠋ᠢᠨ ᠥᠯᠵᠡᠢ ᠲᠠᠢ ᠰᠠᠶᠢᠬᠠᠨ ᠵᠦᠩᠨᠡᠯ ᠢᠶᠡᠨ ᠡᠷᠬᠦᠨ ᠳᠡᠪᠰᠢᠬᠦᠯᠦᠭᠰᠡᠨ ᠪᠠᠶᠢᠨ᠎ᠠ᠃

ᠴᠢᠬᠢᠭ ᠬᠣᠷ᠎ᠠ ᠨᠢ ᠣᠮᠳᠠᠯᠠᠭᠰᠠᠨ ᠬᠥᠬᠡᠬᠣᠲᠠ ᠶ᠋ᠢᠨ ᠪᠣᠷᠣᠭᠠᠨᠲᠤ ᠦᠳᠡᠰᠢ᠂ ᠴᠡᠭᠡᠯ ᠵᠠᠯᠠᠭᠤ ᠨᠠᠰᠣᠨ ‍ᠤ ᠪᠠᠨ ᠭᠠᠩᠭᠠᠩ ᠵᠢᠪᠬᠣᠭ᠎ᠠ ᠪᠠᠷ ᠵᠠᠯᠠᠭᠤᠴᠤᠳ ᠮᠠᠨᠢ ᠦᠪᠡᠷ ᠦᠪᠡᠷ ‍ᠤᠨ ᠥᠩᠭᠡ ᠪᠠᠷ ᠢᠶᠡᠨ ᠲᠣᠳᠣᠬᠠᠨ ᠰᠣᠯᠣᠩᠭᠠᠷᠠᠵᠤ᠂ ᠣᠬᠠᠭᠠᠯᠢᠭ ᠪᠥᠭᠡᠳ ᠴᠠᠶᠢᠯᠭᠠᠨ ᠦᠵᠡᠭᠴᠢ ᠲᠦᠮᠡᠨ ᠢᠶᠡᠨ ᠠᠪᠢᠶᠠᠰ ᠤᠷ᠎ᠠ ᠶ᠋ᠢᠨ ᠳᠡᠭᠡᠳᠦ ᠣᠷᠠᠨ ᠬᠣᠭᠣᠯᠠᠢ ᠪᠠᠷ ᠢᠶᠡᠨ ᠪᠠᠶᠠᠰᠬᠠᠨ ᠵᠢᠷᠭᠠᠭᠠᠵᠤ ᠠᠪᠤ᠋ ᠡᠵᠢ᠂ ᠠᠴᠢᠲᠤ ᠪᠠᠭᠰᠢ᠂ ᠡᠬᠡ ᠰᠣᠷᠭᠠᠭᠤᠯᠢ ᠳ᠋ᠤ ᠪᠠᠨ ᠬᠠᠮᠤᠭ ‍ᠤᠨ ᠰᠣᠳᠣᠬᠠᠨ ᠰᠡᠳᠬᠢᠯ ‍ᠤᠨ ᠡᠭᠡᠰᠢᠭ ᠢᠶᠡᠨ ᠡᠷᠭᠦᠭᠰᠡᠨ ᠪᠠᠶᠢᠨ᠎ᠠ᠃ ( ᠮᠡᠳᠡᠭᠡᠯᠡᠭᠴᠢ᠄ ᠬᠣᠣᠰᠪᠠᠶᠠᠷ ᠰᠠᠶᠢᠬᠠᠨᠨᠠᠪᠴᠢ ᠪᠠᠶᠠᠯᠢᠭ )
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠰᠠᠶᠢᠬᠠᠨᠨᠠᠪᠴᠢ