ᠵᠠᠯᠠᠭᠤ ᠳᠠᠭᠤᠴᠢᠨ ᠭᠡᠭᠡ
ᠤᠩᠰᠢᠭᠰᠠᠨ ᠤᠳᠠᠭ᠎ᠠ ᠄ 2832 ᠨᠡᠶᠢᠳᠡᠯᠡᠭᠰᠡᠨ ᠴᠠᠭ ᠄ 2017-04-01
ᠭᠡᠭᠡ᠂ ᠤᠯᠠᠭᠠᠨᠬᠠᠳᠠ ᠬᠣᠲᠠ ᠶ᠋ᠢᠨ ᠠᠷᠤ ᠬᠣᠷᠴᠢᠨ ᠬᠤᠰᠢᠭᠤ ᠪᠡᠷ ᠨᠤᠲᠤᠭ ᠲᠠᠢ ᠵᠠᠯᠠᠭᠤ ᠳᠠᠭᠤᠴᠢᠨ᠃ 2008 ᠤᠨ ᠤ 10 ᠰᠠᠷ᠎ᠠ ᠳᠤ ᠥᠪᠡᠷ ᠦᠨ ᠠᠩᠬᠠᠳᠠᠭᠴᠢ CD ᠪᠢᠴᠢᠯᠭᠡ《 ᠭᠡᠷᠡᠯ ᠠᠩᠭ᠎ᠠ 》ᠪᠠᠨ ᠬᠡᠪᠯᠡᠭᠦᠯᠦᠨ ᠲᠠᠷᠬᠠᠭᠠᠪᠠ᠃ 2009 ᠤᠨ ᠤ 6 ᠰᠠᠷ᠎ᠠ ᠳᠤ ᠦᠪᠦᠷ ᠮᠤᠩᠭᠤᠯ ᠤᠨ ᠤᠷᠳᠦ ᠶ᠋ᠢᠨ ᠲᠠᠭᠤᠤ ᠶ᠋ᠢᠨ ᠨᠡᠶᠢᠭᠡᠮᠯᠢᠭ ᠦᠨ ᠭᠡᠰᠢᠭᠦᠨ ᠪᠣᠯᠪᠠ᠃ 2009 ᠤᠨ ᠤ 6 ᠰᠠᠷ᠎ᠠ ᠳᠤ ᠥᠪᠡᠷ ᠢᠶᠡᠨ《 ᠰᠠᠶᠢᠬᠠᠨ ᠨᠤᠳᠤᠭ ᠠᠷᠦ ᠬᠤᠷᠴᠢᠨ 》ᠬᠡᠭᠦ ᠲᠠᠭᠤᠤ ᠵᠤᠬᠢᠶᠠᠵᠦ ᠲᠠᠭᠤᠯᠠᠭᠠᠳ ᠮᠦᠨ ᠲᠤᠮᠳᠠᠳᠦ ᠤᠯᠤᠰ ᠤᠨ ᠨᠡᠭᠦᠳᠡᠯ ᠬᠤᠯᠪᠤᠭᠠᠨ ᠤ ᠦᠪᠦᠷ ᠮᠤᠩᠭᠤᠯ ᠤᠨ ᠬᠤᠪᠢᠶᠠᠷᠢ ᠺᠤᠮᠫᠠᠨᠢ ᠶ᠋ᠢᠨ ᠭᠠᠷ ᠤᠳᠠᠰᠤᠨ ᠤ ᠤᠶᠠᠩᠭᠠᠳᠦ ᠬᠤᠩᠬ᠎ᠠ ᠪᠠᠷ ᠰᠤᠩᠭᠤᠭᠳᠠᠪᠠ᠃ 2009 ᠤᠨ ᠤ 7 ᠰᠠᠷ᠎ᠠ ᠳᠤ ᠬᠠᠷᠪᠢᠨ ᠳᠤ ᠪᠤᠯᠤᠭᠰᠠᠨ《 ᠠᠽᠢᠶ᠎ᠠ ᠲᠢᠪ ᠤᠨ ᠤᠳᠤᠳ ᠬᠠᠶᠢᠬᠤ ᠬᠦᠳᠡᠯᠭᠡᠭᠡᠨ 》 ᠳᠦ ᠠᠯᠳᠠᠨ ᠮᠧᠳᠠᠯ ᠤᠨ ᠡᠵᠡᠨ ᠢᠶᠠᠷ ᠲᠤᠲᠤᠷᠠᠵᠦ᠂ ᠬᠠᠷᠪᠢᠨ ᠦ ᠤᠷᠤᠯᠳᠠᠭᠠᠨ ᠤ ᠲᠤᠭᠤᠷᠢᠭ ᠤᠨ ᠲᠦᠷᠢ ᠲᠦᠷᠬᠦ ᠶ᠋ᠢᠨ ᠡᠯᠴᠢ ᠪᠠᠷ ᠰᠤᠩᠭᠤᠭᠳᠠᠪᠠ᠃
2010 ᠤᠨ ᠳᠤ ᠦᠪᠦᠷ ᠮᠤᠩᠭᠤᠯ ᠤᠨ ᠤᠯᠠᠭᠠᠨᠬᠠᠳᠠ ᠬᠤᠳᠠ ᠶ᠋ᠢᠨ ᠴᠠᠭᠠᠨ ᠰᠠᠷ᠎ᠠ ᠶᠢᠨ ᠦᠳᠡᠰᠢᠯᠡᠭᠡ ᠳᠤ 《 ᠲᠠᠯ᠎ᠠ ᠨᠤᠳᠤᠭ ᠤᠨ ᠪᠠᠭᠠᠴᠤᠳ 》 ᠲᠠᠭᠤᠤ ᠪᠠᠷ ᠢᠶᠡᠨ ᠦᠵᠡᠭᠴᠢ ᠤᠯᠠᠨ ᠤ ᠪᠠᠨ ᠪᠠᠬᠠᠷᠬᠠᠯ ᠢ ᠤᠯᠪᠠ᠃ 2010 ᠣᠨ ᠤ 10 ᠰᠠᠷ᠎ᠠ ᠳᠤ ᠦᠪᠡᠷ ᠤᠨ ᠬᠤᠶᠠᠳᠠᠭᠴᠢ CD ᠪᠢᠴᠢᠯᠭᠡ 《 ᠦᠯᠦᠭᠡᠢ ᠨᠤᠳᠤᠭ ᠠᠷᠦ ᠬᠤᠷᠴᠢᠨ 》 ᠢᠶᠡᠨ ᠬᠡᠪᠯᠡᠭᠦᠯᠵᠦ ᠬᠦᠬᠡᠬᠤᠳᠠᠨ᠎ᠠ ᠰᠤᠨᠢᠨ ᠮᠡᠳᠡᠭᠡ ᠨᠡᠶᠢᠳᠡᠯᠡᠬᠦ ᠬᠤᠷᠠᠯ ᠬᠢᠵᠦ ᠲᠠᠷᠬᠠᠭᠠᠪᠠ᠃ 2011 ᠤᠨ ᠤ 1 ᠰᠠᠷ᠎ᠠ ᠳᠤ ᠦᠪᠦᠷ ᠮᠤᠩᠭᠤᠯ ᠤᠨ ᠮᠤᠩᠭᠤᠯ ᠤᠳᠤᠨ ᠲᠸᠯᠸᠢᠰ ᠤᠨ ᠴᠠᠭᠠᠨ ᠰᠠᠷ᠎ᠠ ᠶ᠋ᠢᠨ ᠦᠳᠡᠰᠢᠯᠡᠭᠡ ᠶ᠋ᠢᠨ ᠭᠤᠤᠯ ᠲᠠᠭᠤᠤ 《 ᠨᠠᠷᠠᠨ ᠡᠴᠠ ᠤᠶᠢᠷᠬᠠᠨ ᠨᠤᠳᠤᠭ 》 ᠢ ᠲᠠᠭᠤᠯᠠᠵᠦ ᠦᠵᠡᠭᠴᠢ ᠤᠯᠠᠨ ᠢᠶᠡᠨ ᠪᠠᠶᠠᠰᠬᠠᠪᠠ᠃ 2011 ᠤᠨ ᠤ 6 ᠰᠠᠷ᠎ᠠ ᠶ᠋ᠢᠨ 24 ᠳᠤ ᠦᠪᠦᠷ ᠮᠤᠩᠭᠤᠯ ᠤᠨ ᠤᠳᠤᠨ ᠲᠸᠯᠸᠢᠰ ᠤᠨ《 ᠭᠠᠶᠢᠬᠠᠮᠰᠢᠭᠲᠤ ᠲᠤᠮᠳᠠᠳᠦ ᠤᠯᠤᠰ 》ᠲᠡᠯᠭᠡᠴᠡ ᠶ᠋ᠢᠨ ᠡᠷᠬᠢᠯᠡᠭᠰᠡᠨ《 ᠨᠠᠮ ᠪᠠᠶᠢᠭᠤᠯᠤᠭᠳᠠᠰᠠᠨ 90 ᠵᠢᠯ ᠤᠨ ᠤᠢ ᠶ᠋ᠢ ᠪᠡᠯᠭᠡᠯᠡᠭᠰᠡᠨ ᠵᠤᠬᠢᠶᠠᠯ ᠤᠨ ᠲᠠᠭᠤᠤ ᠴᠤᠭᠯᠠᠭᠤᠯᠤᠨ ᠨᠡᠪᠳᠡᠷᠡᠭᠦᠯᠬᠦ ᠦᠳᠡᠰᠢᠯᠡᠭᠡ 》 ᠳᠦ《 ᠰᠠᠶᠢᠬᠠᠨ ᠨᠤᠳᠤᠭ ᠠᠷᠦ ᠬᠤᠷᠴᠢᠨ 》 ᠪᠤᠯᠤᠨ《 ᠠᠷᠤ ᠬᠤᠷᠴᠢᠨ ᠰᠠᠶᠢᠬᠠᠨ ᠭᠠᠵᠠᠷ 》ᠲᠠᠭᠤᠤ ᠪᠠᠷ ᠢᠶᠡᠨ ᠤᠷᠤᠯᠴᠠᠪᠠ᠃