ᠪᠦᠷᠢᠳᠦ ᠬᠠᠮᠲᠤᠯᠢᠭ ᠤᠨ 《 ᠤᠴᠠᠷᠠᠨ ᠵᠣᠯᠭᠠᠬᠤ ᠶ᠋ᠢᠨ ᠢᠷᠦᠭᠡᠯ 》 ᠳᠠᠭᠤᠤ ᠬᠦᠭᠵᠢᠮ ᠤᠨ ᠲᠤᠰᠬᠠᠢ ᠲᠣᠭᠯᠠᠯᠲᠠ ᠦᠪᠦᠷ ᠮᠣᠩᠭᠣᠯ ᠤᠨ ᠪᠠᠭᠰᠢ ᠶ᠋ᠢᠨ ᠶᠡᠬᠡ ᠰᠤᠷᠭᠠᠭᠤᠯᠢ ᠳ᠋ᠤ ᠠᠮᠵᠢᠯᠲᠠ ᠲᠡᠭᠦᠰ ᠶᠠᠪᠤᠭᠳᠠᠯ᠎ᠠ
ᠤᠩᠰᠢᠭᠰᠠᠨ ᠤᠳᠠᠭ᠎ᠠ ᠄ 2911 ᠨᠡᠶᠢᠳᠡᠯᠡᠭᠰᠡᠨ ᠴᠠᠭ ᠄ 2017-04-01
ᠦᠪᠦᠷ ᠮᠣᠩᠭᠣᠯ ᠤᠨ ᠦᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠣᠢ ᠵᠢᠴᠢ ᠦᠪᠦᠷ ᠮᠣᠩᠭᠣᠯ ᠤᠨ ᠪᠠᠭᠰᠢ ᠶ᠋ᠢᠨ ᠶᠡᠬᠡ ᠰᠤᠷᠭᠠᠭᠤᠯᠢ ᠪᠠᠶᠢᠭᠤᠯᠤᠭᠳᠠᠭᠰᠠᠨ 65 ᠵᠢᠯ ᠤᠨ ᠣᠢ ᠳ᠋ᠤ ᠵᠣᠷᠢᠭᠤᠯᠤᠭᠰᠠᠨ ᠪᠦᠷᠢᠳᠦ ᠬᠠᠮᠲᠤᠯᠢᠭ ᠤᠨ 《 ᠣᠴᠠᠷᠠᠨ ᠵᠣᠯᠭᠠᠬᠤ ᠶ᠋ᠢᠨ ᠢᠷᠦᠭᠡᠯ 》 ᠳᠠᠭᠤᠤ ᠬᠦᠭᠵᠢᠮ ᠤᠨ ᠲᠤᠰᠬᠠᠢ ᠲᠣᠭᠯᠠᠯᠲᠠ 2017 ᠣᠨ ᠤ 6 ᠰᠠᠷ᠎ᠠ ᠶ᠋ᠢᠨ 1 ᠤ ᠣᠷᠣᠢ ᠦᠪᠦᠷ ᠮᠣᠩᠭᠣᠯ ᠤᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠳᠠᠭᠤᠤ ᠬᠦᠭᠵᠢᠮ ᠤᠨ ᠲᠢᠩᠬᠢᠮ ᠳ᠋ᠤ ᠠᠮᠵᠢᠯᠲᠠ ᠲᠡᠭᠦᠰ ᠶᠠᠪᠤᠭᠳᠠᠯ᠎ᠠ᠃
ᠦᠳᠡᠰᠢᠯᠡᠭᠡ ᠳ᠋ᠤ ᠦᠪᠦᠷ ᠮᠣᠩᠭᠣᠯ ᠤᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠳᠠᠭᠤᠤ ᠬᠦᠭᠵᠢᠮ ᠤᠨ ᠳᠡᠭᠡᠳᠦ ᠰᠣᠷᠭᠠᠭᠤᠯᠢ ᠶ᠋ᠢᠨ ᠪᠠᠢ ᠪᠣᠣ ᠴᠸᠩ᠂ ᠲᠦᠩ ᠵᠠᠨ ᠸᠸᠨ᠂ ᠨᠠᠰᠣᠨᠵᠢᠷᠭᠠᠯ᠂ ᠥᠯᠵᠡᠶᠢᠬᠡᠰᠢᠭ᠂ ᠬᠠᠶᠢᠷᠬᠠᠨ᠂ ᠰᠡᠴᠡᠨᠪᠢᠯᠢᠭ᠂ ᠵᠠᠯᠭᠠᠬᠦᠦ᠂ ᠴᠡᠩᠭᠡᠯ ᠵᠡᠷᠭᠡ ᠬᠠᠶᠢᠷᠠᠲᠠᠢ ᠪᠠᠭᠰᠢᠨᠠᠷ ᠨᠢ ᠮᠣᠷᠢᠯᠠᠨ ᠰᠠᠭᠠᠲᠠᠭᠰᠠᠨ ᠤ ᠬᠠᠮᠲᠤ ᠭᠡᠷ ᠤᠨ ᠠᠬᠠᠮᠠᠳ᠂ ᠰᠠᠳᠤᠨ ᠲᠥᠷᠥᠯ᠂ ᠨᠠᠶᠢᠵᠠ ᠨᠦᠬᠦᠳ᠂ ᠰᠤᠷᠭᠠᠭᠤᠯᠢ ᠶ᠋ᠢᠨ ᠠᠨᠳᠠ ᠨᠤᠭᠤᠳ ᠨᠢ ᠮᠣᠷᠢᠯᠠᠨ ᠰᠠᠭᠠᠲᠠᠵᠤ ᠭᠤᠴᠤ ᠲᠣᠭᠯᠠᠯᠲᠠ ᠶ᠋ᠢ ᠨᠢ ᠰᠣᠨᠢᠷᠬᠠᠨ ᠦᠵᠡᠭᠰᠡᠨ ᠪᠠᠶᠢᠨ᠎ᠠ᠃
《 ᠬᠦᠳᠡᠭᠡ ᠰᠢᠯᠢ 》᠂ 《 ᠡᠵᠢ 》᠂ 《 ᠢᠷᠡᠬᠦ ᠪᠠᠨ ᠶᠠᠭᠠᠬᠢᠭᠠᠴᠢ 》᠂ 《 ᠪᠦᠷᠢᠲᠦ 》᠂ 《 ᠮᠣᠷᠢᠲᠠᠨ ᠮᠣᠩᠭᠣᠯ 》 ᠵᠡᠷᠭᠡ ᠳᠠᠭᠤᠤ ᠨᠤᠭᠤᠳ ᠨᠢ ᠬᠦᠮᠦᠰ ᠤᠨ ᠰᠡᠳᠬᠢᠯ ᠢ ᠰᠡᠷᠭᠦᠭᠡᠵᠦ᠂ ᠤᠷᠮᠠᠰ ᠢ ᠬᠦᠭᠯᠡᠬᠦᠯᠦᠨ᠂ 《 ᠣᠣᠬᠠᠢ 》 ᠶ᠋ᠢᠨ ᠳᠠᠭᠤ ᠶ᠋ᠢᠨ ᠳᠤᠮᠳᠠ ᠬᠦᠭᠵᠢᠶᠡᠨ ᠨᠠᠷᠬᠢᠶ᠎ᠠ ᠲᠠᠢ ᠦᠷᠬᠦᠯᠵᠢᠯᠡᠵᠦ᠂ 《 ᠤᠴᠠᠷᠠᠨ ᠵᠣᠯᠭᠠᠬᠤ ᠶ᠋ᠢᠨ ᠢᠷᠦᠭᠡᠯ 》 ᠬᠡᠮᠡᠬᠦ ᠤᠶᠠᠩᠭ᠎ᠠ ᠳᠠᠭᠤᠤ ᠶ᠋ᠢᠨ ᠳᠤᠮᠳᠠ ᠬᠡᠶᠢᠮᠣᠷᠢᠯᠢᠭ᠌ ᠰᠠᠶᠢᠬᠠᠨ ᠦᠨᠳᠦᠷᠯᠡᠭᠰᠡᠨ ᠪᠠᠶᠢᠨ᠎ᠠ᠃
ᠪᠦᠷᠢᠲᠦ ᠬᠠᠮᠲᠤᠯᠢᠭ ᠪᠣᠯ 2015 ᠣᠨ ᠤ 3 ᠰᠠᠷ᠎ᠠ ᠳ᠋ᠤ ᠪᠠᠶᠢᠭᠤᠯᠤᠭᠳᠠᠭᠰᠠᠨ ᠦᠪᠦᠷ ᠮᠣᠩᠭᠣᠯ ᠤᠨ ᠪᠠᠭᠰᠢ ᠶ᠋ᠢᠨ ᠶᠡᠬᠡ ᠰᠣᠷᠭᠠᠭᠤᠯᠢ ᠶ᠋ᠢᠨ ᠳᠠᠭᠤᠤ ᠬᠦᠭᠵᠢᠮ ᠤᠨ ᠳᠡᠭᠡᠳᠦ ᠰᠣᠷᠭᠠᠭᠤᠯᠢ ᠶ᠋ᠢᠨ ᠤᠷᠠᠯᠢᠭ ᠤᠨ ᠵᠠᠯᠠᠭᠤᠰ ᠢᠶᠠᠷ ᠪᠦᠷᠢᠯᠳᠦᠭᠰᠡᠨ ᠢᠵᠠᠭᠤᠷ ᠤᠷᠠᠯᠢᠭ ᠤᠨ ᠬᠠᠮᠲᠤᠯᠢᠭ ᠪᠤᠯᠬᠤ ᠶᠤᠮ᠃ ᠮᠣᠷᠢᠨ ᠬᠤᠭᠤᠷ᠂ ᠪᠦᠮᠪᠦᠷ᠂ ᠲᠣᠪᠰᠢᠭᠤᠷ᠂ ᠶᠡᠬᠡ ᠮᠣᠷᠢᠨ ᠬᠤᠭᠤᠷ᠂ ᠺᠢᠲ᠋ᠷ ᠵᠡᠷᠭᠡ ᠪᠠᠷ ᠲᠣᠭᠯᠠᠬᠤ ᠶ᠋ᠢᠨ ᠬᠠᠮᠲᠤ ᠤᠷᠲᠤ ᠶ᠋ᠢᠨ ᠳᠠᠭᠤᠤ᠂ ᠪᠤᠭᠤᠨᠢ ᠳᠠᠭᠤᠤ᠂ ᠬᠥᠭᠡᠮᠡᠢ ᠵᠡᠷᠭᠡ ᠶ᠋ᠢ ᠤᠶᠠᠯᠳᠤᠭᠤᠯᠳᠠᠭ᠃ ᠤᠷᠢᠳ ᠬᠣᠵᠢᠳ ᠦᠪᠦᠷ ᠮᠣᠩᠭᠣᠯ ᠤᠨ ᠳᠠᠭᠤᠤ ᠬᠦᠭᠵᠢᠮᠴᠢᠳ ᠤᠨ ᠨᠡᠶᠢᠭᠡᠮᠯᠢᠭ ᠬᠢᠭᠡᠳ ᠦᠪᠦᠷ ᠮᠣᠩᠭᠣᠯ ᠤᠨ ᠪᠠᠭᠰᠢ ᠶ᠋ᠢᠨ ᠶᠡᠬᠡ ᠰᠣᠷᠭᠠᠭᠤᠯᠢ ᠶ᠋ᠢᠨ ᠬᠠᠮᠲᠤᠷᠠᠨ ᠡᠷᠬᠢᠯᠡᠭᠰᠡᠨ ᠠᠷᠪᠠᠨ ᠵᠢᠷᠭᠤᠳᠤᠭᠠᠷ ᠤᠳᠠᠭᠠᠨ ᠤ ᠲᠤᠰᠬᠠᠢ ᠮᠡᠷᠭᠡᠵᠢᠯ ᠤᠨ ᠳᠠᠭᠤᠴᠢᠳ ᠤᠨ ᠶᠡᠬᠡ ᠤᠷᠤᠯᠳᠤᠭᠠᠨ ᠳ᠋ᠤ ᠨᠢᠭᠡᠳᠦᠭᠡᠷ ᠳᠡᠰ ᠤᠨ ᠱᠠᠩᠨᠠᠯ ᠲᠤᠰᠴᠤ᠂ 2016 ᠣᠨ ᠳ᠋ᠤ ᠰᠤᠷᠭᠠᠭᠤᠯᠢ ᠶ᠋ᠢᠨ ᠬᠦᠷᠢᠶᠡᠨ ᠤ ᠬᠠᠮᠤᠭ ᠤᠨ ᠰᠣᠳᠣᠨ ᠤᠷᠠᠯᠢᠭ ᠤᠨ ᠱᠠᠩᠨᠠᠯ ᠢ ᠲᠤᠰᠤᠨ᠂ ᠡᠭᠦᠨ ᠤ ᠳᠠᠭᠠᠤ ᠳᠤᠮᠳᠠᠳᠤ ᠤᠯᠤᠰ ᠤᠨ ᠺᠢᠨᠤ᠋ ᠶ᠋ᠢᠨ ᠳᠠᠭᠤᠤ ᠶ᠋ᠢᠨ ᠶᠡᠬᠡ ᠤᠷᠤᠯᠳᠤᠭᠠᠨ ᠳ᠋ᠤ ᠤᠨᠴᠠ ᠣᠷᠢᠭᠰᠠᠨ ᠲᠣᠭᠯᠠᠭᠴᠢ ᠪᠠᠷ ᠤᠷᠢᠭᠳᠠᠵᠤ᠂ ᠪᠡᠭᠡᠵᠢᠩ ᠵᠡᠷᠭᠡ ᠭᠠᠵᠠᠷ ᠣᠷᠣᠨ ᠢᠶᠠᠷ ᠣᠯᠠᠨ ᠤᠳᠠᠭ᠎ᠠ ᠬᠦᠷᠴᠦ ᠲᠣᠭᠯᠠᠯᠲᠠ ᠭᠠᠷᠭᠠᠭᠰᠠᠨ ᠪᠠᠶᠢᠨ᠎ᠠ᠃
ᠰᠤᠷᠪᠤᠯᠵᠢᠯᠠᠭᠴᠢ᠄ ᠰᠠᠶᠢᠬᠠᠨᠨᠠᠪᠴᠢ
ᠰᠡᠭᠦᠳᠡᠷᠯᠡᠭᠴᠢ᠄ ᠪᠠᠶᠠᠯᠢᠭ