ᠬᠠᠩᠭᠠᠢ ᠬᠠᠮᠲᠣᠯᠢᠭ ᠣᠯᠣᠰ ᠲᠠᠶᠠᠭᠠᠷ ᠲᠤ ᠲᠣᠭᠤᠷᠢᠨ ᠲᠣᠭᠯᠠᠬᠤ ᠪᠠᠷ ᠪᠠᠶᠢᠨ᠎ᠠ

ᠤᠩᠰᠢᠭᠰᠠᠨ ᠤᠳᠠᠭ᠎ᠠ ᠄ 907    ᠨᠡᠶᠢᠳᠡᠯᠡᠭᠰᠡᠨ ᠴᠠᠭ ᠄ 2017-03-18

ᠬᠠᠨᠭ᠍ᠭᠠᠢ ᠬᠠᠮᠳᠤᠯᠢᠭ ᠨᠢ 2017 ᠤᠨ ᠤ ᠲᠤᠭᠤᠷᠢᠨ ᠲᠤᠭᠯᠠᠯᠲᠠ ᠪᠠᠨ ᠬᠦᠭᠡᠬᠤᠲᠠ ᠠᠴᠠ ᠡᠬᠢᠯᠡᠬᠦᠯᠬᠦ ᠪᠠᠷ ᠪᠠᠶᠢᠨ᠎ᠠ᠃ ᠲᠤᠬᠠᠢᠢᠯᠠᠪᠠᠯ 5 ᠰᠠᠷ᠎ᠠ ᠶᠢᠨ 27 ᠤ ᠡᠳᠤᠷ᠂ ᠦᠪᠦᠷ ᠮᠤᠩᠭᠤᠯ ᠤᠨ ᠲᠠᠮᠢᠷ ᠤᠨ ᠤᠷᠳᠤᠨ ᠳᠤ ᠠᠩᠬᠠᠳᠠᠬᠴᠢ ᠲᠠᠯᠠᠪᠠᠢ ᠲᠤᠭᠯᠠᠯᠳᠠ ᠪᠠᠨ ᠶᠠᠪᠤᠭᠳᠠᠭᠤᠯᠵᠦ᠂ ᠡᠬᠦᠨ ᠤ ᠲᠠᠷᠠᠭ᠎ᠠ ᠪᠠᠷ᠂ ᠴᠸᠡᠭᠳᠦ᠋᠂ ᠪᠡᠭᠡᠵᠢᠩ᠂ ᠱᠠᠩᠬᠠᠢ᠂ ᠳ᠋ᠦᠨᠬᠤᠸᠠᠩ ᠵᠡᠷᠭᠡ ᠬᠤᠲᠠ ᠳᠤ ᠲᠠᠷᠠᠭᠠᠯᠠᠨ ᠲᠤᠭᠯᠠᠬᠤ ᠪᠠᠷ ᠪᠠᠶᠢᠨ᠎ᠠ᠃

《 ᠲᠤᠭᠯᠠᠯᠲᠠ ᠳᠤ〈ᠭᠠᠯᠪᠠ ᠶᠢᠨ ᠤᠷᠴᠢᠯ〉 ᠮᠡᠳᠤ ᠶᠢᠨ ᠬᠠᠮᠳᠤᠯᠢᠭ ᠤᠨ ᠮᠠᠨᠢ ᠰᠤᠩᠭᠤᠳᠠᠭ ᠲᠠᠭᠤᠤ ᠨᠤᠭᠤᠳ ᠢᠶᠠᠨ ᠰᠤᠨᠢᠷᠬᠠᠭᠤᠯᠬᠤ ᠪᠠᠷ ᠪᠠᠷᠠᠬᠤ ᠦᠬᠡᠢ᠂ ᠪᠠᠰᠠ ᠬᠠᠮᠳᠤᠯᠢᠭ ᠤᠨ ᠰᠢᠨ᠎ᠡ ᠪᠠᠷ ᠪᠦᠳᠦᠭᠡᠭᠰᠡᠨ 〈ᠨᠤᠳᠤᠭ〉 ᠴᠤᠮᠤᠭ ᠲᠤ ᠪᠡᠨ ᠪᠠᠭᠳᠠᠬᠰᠠᠨ ᠲᠠᠭᠤᠤ ᠨᠤᠭᠤᠳ ᠢ ᠲᠠᠭᠤᠯᠠᠬᠤ ᠪᠤᠯᠤᠨ᠎ᠠ᠃ ᠰᠢᠨ᠎ᠡ ᠴᠤᠮᠤᠭ ᠲᠤ ᠰᠤᠩᠭᠤᠳᠠᠭ ᠮᠤᠩᠭᠤᠯ ᠠᠷᠠᠳ ᠤᠨ ᠲᠠᠭᠤᠤ ᠨᠤᠭᠤᠳ ᠢ ᠤᠷᠤᠭᠤᠯᠤᠭᠰᠠᠨ ᠶᠤᠮ᠂ ᠵᠢᠱᠢᠶᠡᠯᠡᠪᠡᠯ 〈ᠭᠠᠳᠠ ᠮᠠᠶᠢᠷᠠᠨ〉 ᠭᠡᠬᠦ ᠲᠠᠭᠤᠤ ᠶᠢ ᠷᠤᠺ ᠮᠠᠶ᠋ᠢᠭ ᠢᠶᠠᠷ ᠦᠬᠡᠷᠡᠴᠢᠯᠡᠨ ᠨᠠᠶᠢᠷᠠᠭᠤᠯᠤᠬᠰᠠᠨ ᠪᠦᠬᠡᠳ MV ᠪᠤᠯᠭᠠᠨ ᠦᠢᠯᠡᠳᠴᠦ᠂ ᠠᠩᠬᠠᠳᠤᠭᠠᠷ ᠤᠳᠠᠭ᠎ᠠ ᠦᠵᠡᠭᠴᠢᠳ ᠲᠠᠢ ᠬᠤᠪᠢᠶᠠᠯᠴᠠᠬᠤ ᠪᠠᠷ ᠪᠠᠶᠢᠨ᠎ᠠ》ᠬᠡᠵᠦ ᠬᠠᠮᠳᠤᠯᠢᠭ ᠤᠨ ᠠᠬᠠᠯᠠᠭᠴᠢ ᠢᠯᠴᠢ ᠶᠡᠷᠢᠯ᠎ᠠ᠃ᠬᠠᠩᠭᠠᠢ ᠬᠠᠮᠳᠤᠯᠢᠬ 2005 ᠤᠨ ᠳᠤ ᠪᠠᠶᠢᠭᠤᠯᠤᠭᠳᠠᠵᠦ᠂ ᠦᠨᠦ ᠵᠢᠯ 13 ᠳ᠋ᠤᠭᠠᠷ ᠵᠢᠯ ᠤᠨ ᠤᠢ ᠪᠠᠨ ᠤᠭᠳᠤᠵᠦ ᠪᠠᠶᠢᠭ᠎ᠠ ᠶᠤᠮ᠃《ᠠᠷᠢᠬᠢᠨ ᠲᠠᠭᠤᠤ》᠂《ᠰᠢᠭᠡᠷ ᠰᠢᠭᠡᠷ》᠂《 ᠬᠤᠸᠠᠷ》 ᠵᠡᠷᠭᠡ ᠲᠦᠯᠦᠭᠡᠯᠡᠭᠴᠢ ᠪᠦᠳᠦᠭᠡᠯ ᠲᠠᠢ᠃ ᠬᠠᠮᠳᠤᠯᠢᠭ ᠨᠢ ᠮᠤᠩᠭᠤᠯ ᠦᠨᠳᠦᠰᠦᠳᠡᠨ ᠤ ᠲᠡᠤᠭᠡ ᠰᠤᠶᠤᠯ ᠢ ᠤᠳᠤ ᠦᠶ᠎ᠠ ᠶᠢᠨ ᠲᠠᠭᠤᠤ ᠭᠦᠭᠵᠢᠮ ᠪᠤᠯᠤᠨ ᠲᠤᠭᠯᠠᠬᠤ ᠤᠷᠠᠯᠢᠭ ᠲᠤ ᠨᠡᠪᠴᠢᠬᠦᠯᠬᠦ ᠶᠢ ᠬᠢᠴᠢᠶᠡᠳᠡᠭ᠃ ᠲᠡᠳᠡᠨᠤᠰ ᠮᠤᠩᠭᠤᠯ ᠦᠨᠳᠦᠰᠦᠳᠡᠨ ᠤ ᠠᠷᠠᠳ ᠤᠨ ᠲᠠᠭᠤᠤ ᠶᠢ ᠦᠪᠡᠷ ᠤᠨ ᠭᠡᠰᠡᠨ ᠦᠨᠦᠷ ᠠᠮᠳᠠ ᠲᠠᠢ ᠲᠠᠭᠤᠯᠠᠬᠤ ᠪᠦᠭᠡᠳ ᠦᠨᠳᠦᠰᠦᠳᠡᠨ ᠤ ᠤᠯᠠᠮᠵᠢᠯᠠᠯᠳᠦ ᠬᠦᠭᠵᠢᠮ ᠪᠤᠯᠤᠨ ᠤᠳᠤ ᠦᠶ᠎ᠠ ᠶᠢᠨ ᠬᠦᠭᠵᠢᠮ ᠢ ᠠᠮᠢᠳᠤᠯᠢᠭ ᠤᠶᠠᠯᠳᠤᠭᠤᠯᠤᠨ ᠤᠷᠠᠨ ᠲᠤᠭᠯᠠᠳᠠᠭ ᠢᠶᠠᠷ ᠢᠶᠠᠨ ᠤᠨᠴᠠᠯᠠᠭᠳᠠᠳᠠᠭ᠃

2015 ᠤᠨ ᠳᠤ᠂ ᠬᠠᠨᠭ᠍ᠭᠠᠢ ᠬᠠᠮᠳᠤᠯᠢᠬ ᠲᠦᠪ ᠲᠧᠯᠸᠢᠰ ᠤᠨ ᠭᠤᠷᠪᠠᠳᠤᠭᠠᠷ ᠰᠤᠪᠠᠬ ᠤᠨ《 ᠳᠤᠮᠳᠠᠳᠤ ᠤᠯᠤᠰ ᠤᠨ ᠰᠤᠳᠤᠨ ᠳᠠᠭᠤᠤ》ᠫᠷᠦᠭᠷᠡᠮ ᠳᠤ ᠦᠪᠠᠷᠰᠡᠳ ᠤᠨ ᠵᠤᠬᠢᠶᠠᠬᠰᠠᠨ《 ᠭᠠᠯᠪᠠ ᠶᠢᠨ ᠤᠷᠴᠢᠯ》 ᠳᠠᠭᠤᠤ ᠪᠠᠷ ᠢᠶᠠᠨ ᠮᠠᠩᠯᠠᠶᠢᠯᠠᠵᠤ᠂ ᠤᠯᠤᠰ ᠤᠨ ᠳᠤᠳᠤᠭᠠᠳᠤ ᠭᠠᠳᠠᠭᠠᠳᠤ ᠶᠢᠨ ᠦᠵᠡᠭᠴᠢᠤᠨ ᠲᠤ ᠮᠤᠩᠭᠤᠯ ᠦᠨᠳᠦᠰᠦᠳᠡᠨ ᠤ ᠳᠠᠭᠤᠤ ᠤᠷᠠᠯᠢᠬ ᠤᠨ ᠷᠢᠳᠢ ᠰᠢᠳᠢ ᠶᠢ ᠭᠠᠶᠢᠬᠠᠭᠤᠯᠵᠠᠢ᠃ ᠲᠡᠷᠡ ᠴᠠᠭ ᠠᠴᠠ ᠡᠬᠢᠯᠡᠨ ᠤᠯᠤᠰ ᠤᠨ ᠲᠤᠳᠤᠭᠠᠳᠦ ᠭᠠᠳᠠᠭᠠᠳᠤ ᠳᠤ ᠬᠠᠩᠭᠠᠢ ᠬᠠᠮᠳᠤᠯᠢᠬ ᠤᠨ ᠨᠡᠷ᠎ᠠ ᠴᠤᠤ ᠨᠡᠩ ᠦᠷᠬᠡᠨ ᠢᠶᠠᠷ ᠲᠠᠷᠬᠠᠬᠰᠠᠨ ᠪᠠᠶᠢᠨ᠎ᠠ᠃

ᠢᠷᠡᠯᠳᠡ᠄ ᠰᠢᠨᠬᠤᠸᠠ ᠮᠣᠩᠭᠣᠯ ᠨᠧᠲ ᠬᠠᠷᠢᠭᠤᠴᠠᠭᠰᠠᠨ ᠨᠠᠶᠢᠷᠠᠭᠤᠯᠤᠭᠴᠢ ᠄